ᠰᠤᠷᠭᠠᠨ ᠬᠥᠮᠦᠵᠢᠯ ᠤᠨ ᠶᠠᠮᠤᠨ᠄ ᠵᠢᠯ ᠪᠦᠷᠢ 2 ᠲᠦᠮᠡᠨ ᠦᠳᠡᠯᠦᠭᠡ ᠨᠠᠰᠤᠨ ᠤ ᠪᠠᠭᠰᠢ ᠨᠠᠷ ᠢ ᠰᠢᠯᠢᠨ ᠰᠣᠩᠭᠤᠵᠤ ᠠᠷᠠᠳ ᠠᠴᠠ ᠡᠷᠭᠢᠯᠡᠭᠰᠡᠨ ᠰᠤᠷᠭᠠᠨ ᠬᠥᠮᠦᠵᠢᠯ ᠢ ᠳᠡᠮᠵᠢᠬᠦ ᠪᠠᠷ ᠲᠥᠯᠥᠪᠯᠡᠵᠦ ᠪᠠᠶᠢᠨ᠎ᠠ
ᠨᠡᠶᠢᠲᠡᠯᠡᠭᠰᠡᠨ ᠴᠠᠭ᠄
2024/3/15
      ᠰᠤᠷᠭᠠᠨ ᠬᠥᠮᠦᠵᠢᠯ ᠤᠨ ᠶᠠᠮᠤᠨ ᠤ ᠠᠯᠪᠠᠨ ᠲᠢᠩᠬᠢᠮ ᠲᠦᠷᠦᠭᠦᠬᠡᠨ ᠮᠡᠳᠡᠭᠳᠡᠯ ᠪᠠᠭᠤᠯᠭᠠᠵᠤ᠂ ᠦᠳᠡᠯᠦᠭᠡ ᠨᠠᠰᠤᠨ   ᠤ ᠪᠠᠭᠰᠢ ᠨᠠᠷ ᠤᠨ ᠠᠷᠠᠳ ᠠᠴᠠ ᠡᠷᠭᠢᠯᠡᠭᠰᠡᠨ ᠰᠤᠷᠭᠠᠨ ᠬᠥᠮᠦᠵᠢᠯ ᠢ ᠳᠡᠮᠵᠢᠬᠦ ᠠᠵᠢᠯᠯᠠᠭ᠎ᠠ ᠶᠢᠨ ᠬᠤᠯᠪᠣᠭᠳᠠᠯ ᠪᠥᠬᠦᠶ  ᠠᠵᠢᠯ ᠤᠨ ᠲᠤᠬᠠᠶ ᠪᠠᠶᠢᠷᠢᠯᠠᠭᠤᠯᠤᠯᠲᠠ ᠬᠢᠪᠠ᠃  ᠨᠢᠭᠡ ᠪᠦᠯᠦᠭ ᠠᠵᠢᠯ ᠠᠴᠠ ᠪᠠᠨ ᠠᠮᠠᠷᠠᠭᠰᠠᠨ ᠰᠢᠯᠢᠳᠡᠭ ᠪᠠᠭᠰᠢ ᠶᠢ  ᠰᠢᠯᠢᠨ  ᠰᠣᠩᠭᠤᠬᠤ ᠠᠵᠢᠯ ᠢ ᠵᠣᠬᠢᠶᠠᠨ ᠪᠠᠶᠢᠭᠤᠯᠵᠤ᠂ ᠡᠯ᠎ᠡ ᠱᠠᠲᠤᠨ ᠤ ᠡᠯ᠎ᠡ ᠲᠥᠷᠥᠯ ᠤᠨ ᠠᠷᠠᠳ ᠠᠴᠠ ᠡᠷᠭᠢᠯᠡᠭᠰᠡᠨ  ᠰᠤᠷᠭᠠᠭᠤᠯᠢ᠂  ᠢᠯᠠᠩᠭᠤᠶ᠎ᠠ ᠠᠷᠠᠳ ᠠᠴᠠ ᠡᠷᠭᠢᠯᠡᠭᠰᠡᠨ ᠳᠡᠭᠡᠳᠦ  ᠰᠤᠷᠭᠠᠭᠤᠯᠢ ᠳᠤ  ᠬᠠᠨᠳᠤᠭᠤᠯᠤᠨ  ᠰᠤᠷᠭᠠᠨ  ᠬᠥᠮᠦᠵᠢᠯ ᠢ  ᠳᠡᠮᠵᠢᠬᠦ᠂  ᠰᠤᠳᠤᠯᠭᠠᠨ ᠳᠤ ᠲᠤᠰᠠᠯᠠᠬᠤ ᠠᠵᠢᠯ ᠥᠷᠨᠢᠭᠦᠯᠵᠦ᠂  ᠵᠢᠯ ᠪᠦᠷᠢ 2 ᠲᠦᠮᠡᠨ ᠪᠠᠭᠰᠢ ᠶᠢ ᠰᠣᠩᠭᠤᠨ ᠲᠣᠮᠢᠯᠠᠬᠤ ᠪᠠᠷ ᠲᠥᠯᠥᠪᠯᠡᠵᠦ ᠪᠠᠶᠢᠨ᠎ᠠ᠃              ᠰᠦᠯᠵᠢᠶᠡᠨ ᠭᠠᠳᠠᠨ᠎ᠠ ᠰᠤᠷᠭᠠᠨ ᠬᠥᠮᠦᠵᠢᠯ ᠢ ᠳᠡᠮᠵᠢᠬᠦ ᠰᠤᠳᠤᠯᠭᠠᠨ ᠢ ᠥᠷᠨᠢᠭᠦᠯᠬᠦ ᠪᠠᠷ ᠭᠤᠶᠤᠴᠢᠯᠠᠭᠰᠠᠨ ᠦᠳᠡᠯᠦᠭᠡ ᠨᠠᠰᠤᠨ  ᠤ ᠪᠠᠭᠰᠢ ᠶᠢᠨ ᠨᠠᠰᠤ  ᠶᠢ  ᠡᠩ ᠤᠨ  ᠪᠠᠶᠢᠳᠠᠯ ᠳᠤ  75  ︵ᠪᠠᠭᠲᠠᠨ᠎ᠠ︶   ᠪᠠᠷ  ᠬᠢᠵᠠᠭᠠᠷᠯᠠᠵᠤ᠂  ᠰᠠᠭᠤᠷᠢ  ᠰᠤᠷᠭᠠᠨ ᠬᠥᠮᠦᠵᠢᠯ ᠤᠨ ᠬᠦᠷᠢᠶ᠎ᠡ ᠴᠠᠷᠠᠭ᠎ᠠ ᠳᠤ ᠣᠷᠣᠯᠴᠠᠬᠤ ᠪᠠᠭᠰᠢ  ᠶᠢᠨ ᠨᠠᠰᠤ  ᠶᠢ ᠡᠩ ᠤᠨ  ᠪᠠᠶᠢᠳᠠᠯ ᠳᠤ  70  ︵ᠪᠠᠭᠲᠠᠨ᠎ᠠ︶    ᠪᠠᠷ ᠬᠢᠵᠠᠭᠠᠷᠯᠠᠨ᠎ᠠ᠃             ᠮᠡᠳᠡᠭᠳᠡᠯ ᠳᠤ᠂ ᠦᠳᠡᠯᠦᠭᠡ ᠨᠠᠰᠤᠨ  ᠤ ᠪᠠᠭᠰᠢ ᠶᠢᠨ  ᠪᠠᠷᠠᠭᠤᠨ  ᠣᠷᠣᠨ᠂  ᠦᠨᠳᠦᠰᠦᠲᠡᠨ ᠤ  ᠭᠠᠵᠠᠷ  ᠣᠷᠣᠨ ᠤ ᠠᠷᠠᠳ ᠠᠴᠠ ᠡᠷᠭᠢᠯᠡᠭᠰᠡᠨ ᠰᠤᠷᠭᠠᠭᠤᠯᠢ ᠳᠤ ᠤᠴᠢᠵᠦ᠂  ᠠᠵᠢᠯ ᠲᠥᠷᠥᠯ᠂ ᠠᠵᠤ  ᠦᠢᠯᠡᠰ᠂  ᠠᠵᠤ  ᠠᠬᠤᠶᠢᠯᠠᠯ ᠳᠤ  ᠪᠠᠴᠢᠮ ᠱᠠᠭᠠᠷᠳᠠᠭᠳᠠᠬᠤ ᠳᠤᠲᠠᠭᠳᠠᠵᠤ ᠪᠠᠶᠢᠭ᠎ᠠ ᠲᠤᠰᠬᠠᠶ ᠮᠡᠷᠭᠡᠵᠢᠯ ᠳᠤ  ᠣᠷᠣᠯᠴᠠᠵᠤ᠂  ᠠᠷᠠᠳ ᠠᠴᠠ  ᠡᠷᠭᠢᠯᠡᠭᠰᠡᠨ  ᠰᠤᠷᠭᠠᠭᠤᠯᠢ ᠶᠢ ᠬᠠᠪᠰᠤᠷᠤᠨ  ᠳᠤᠲᠠᠭᠤᠳᠠᠯ ᠢ ᠨᠢ  ᠨᠥᠬᠦᠪᠥᠷᠢᠯᠡᠵᠦ᠂  ᠪᠠᠭᠤᠷᠠᠶ  ᠲᠠᠯ᠎ᠠ ᠶᠢ ᠨᠢ  ᠬᠦᠴᠦᠷᠬᠡᠭᠵᠢᠭᠦᠯᠵᠦ᠂   ᠶᠠᠰᠤ   ᠴᠢᠨᠠᠷ ᠢ ᠨᠢ ᠳᠡᠭᠡᠭᠰᠢᠯᠡᠭᠦᠯᠬᠦ  ᠶᠢ  ᠵᠣᠷᠢᠭᠵᠢᠭᠤᠯᠤᠨ᠎ᠡ᠃  ᠠᠷᠠᠳ ᠠᠴᠠ  ᠡᠷᠭᠢᠯᠡᠭᠰᠡᠨ  ᠰᠤᠷᠭᠠᠭᠤᠯᠢ ᠶᠢᠨ  ︽ᠵᠢᠯᠣᠭᠤᠳᠣᠭᠴᠢ  ᠪᠠᠭᠰᠢ ᠵᠢᠨ‌‍ᠲ᠋ᠦ᠋ᠷᠢᠮ︾ ᠢ ᠰᠦᠪᠡᠭᠴᠢᠯᠡᠨ ᠬᠡᠷᠡᠭᠵᠢᠭᠦᠯᠵᠤ᠂ ᠥᠨᠳᠥᠷ ᠬᠡᠪ ᠴᠢᠨᠠᠷ ᠪᠥᠬᠦᠶ ᠦᠳᠡᠯᠦᠭᠡ  ᠨᠠᠰᠤᠨ   ᠤ  ᠪᠠᠭᠰᠢ   ᠶᠢᠨ  ᠵᠠᠯᠠᠭᠤ ᠪᠠᠭᠰᠢ ᠶᠢᠨ  ᠵᠢᠯᠣᠭᠤᠳᠣᠭᠴᠢ  ᠪᠣᠯᠵᠤ᠂  ᠪᠠᠭᠰᠢ ᠶᠢᠨ  ᠤᠯᠠᠮᠵᠢᠯᠠᠨ  ᠵᠠᠯᠭᠠᠮᠵᠢᠯᠠᠬᠤ  ᠦᠢᠯᠡᠳᠦᠯ   ᠢᠶᠠᠨ  ᠪᠠᠳᠠᠷᠠᠭᠤᠯᠬᠤ   ᠶᠢ ᠵᠣᠷᠢᠭᠵᠢᠭᠤᠯᠤᠨ᠎ᠠ ᠭᠡᠵᠦ ᠲᠤᠷᠠᠳᠴᠡᠢ᠃              ᠮᠡᠳᠡᠭᠳᠡᠯ ᠳᠤ᠂ ᠦᠳᠡᠯᠦᠭᠡ ᠨᠠᠰᠤᠨ  ᠤ ᠪᠠᠭᠰᠢ  ᠶᠢᠨ ᠲᠤᠰᠠᠯᠠᠨ ᠦᠢᠯᠡᠴᠢᠯᠡᠬᠦ  ᠴᠠᠭ ᠢ  ᠵᠠᠷᠴᠢᠮ  ᠳᠡᠭᠡᠷ᠎ᠡ ᠪᠠᠨ  1ᠰᠤᠷᠤᠯᠭ᠎ᠠ ᠶᠢᠨ ᠵᠢᠯ ᠠᠴᠠ ᠳᠤᠲᠠᠭᠤ ᠥᠬᠡᠶ ᠪᠠᠶᠢᠯᠭᠠᠵᠤ᠂ ᠲᠤᠰᠠᠯᠠᠮᠵᠢ ᠭᠥᠷᠳᠡᠬᠦ ᠰᠤᠷᠭᠠᠭᠤᠯᠢ ᠶᠢᠨ ᠰᠤᠷᠭᠠᠨ ᠬᠥᠮᠦᠵᠢᠯ ᠵᠢᠭᠠᠨ‌‍ᠰᠤᠷᠭᠠᠯᠲᠠ ᠵᠢᠴᠢ ᠬᠠᠮᠢᠶᠠᠷᠤᠯᠲᠠ ᠶᠢᠨ ᠬᠡᠷᠡᠭᠴᠡᠭᠡ ᠶᠢ  ᠦᠨᠳᠦᠰᠦᠯᠡᠨ᠂  ᠳᠡᠮᠵᠢᠬᠦ  ᠠᠵᠢᠯ ᠢ  ᠠᠮᠢᠳᠤᠯᠢᠭ ᠢᠶᠠᠷ  ᠥᠷᠨᠢᠭᠦᠯᠵᠦ ᠪᠣᠯᠤᠨ᠎ᠠ ᠭᠡᠵᠦ ᠲᠤᠳᠤᠷᠬᠠᠶᠢᠯᠠᠪᠠ᠃
ᠢᠷᠡᠯᠲᠡ᠄ ᠠᠷᠠᠳ ᠤᠨ ᠰᠦᠯᠵᠢᠶ᠎ᠡ