ᠡᠳᠡᠭᠡᠷ ᠸᠢᠴᠠᠲ ᠤᠨ ᠤᠯᠠᠭᠠᠨ ᠪᠠᠭᠯᠠᠭ᠎ᠠ ᠶᠢ ᠶᠠᠭᠠᠬᠢᠬᠰᠠᠨ ᠴᠤ ᠪᠢᠲᠡᠭᠡᠶ ᠠᠪ ᠭᠡᠵᠦ ᠰᠠᠨᠠᠭᠤᠯᠤᠶ᠎ᠠ︕ | 1. ᠨᠢᠭᠤᠴᠠ ᠨᠣᠮᠧᠷ ᠢᠶᠠᠨ ᠪᠢᠴᠢᠵᠦ ᠤᠷᠤᠭᠤᠯᠬᠤ ᠶᠢ ᠱᠠᠭᠠᠷᠳᠠᠬᠰᠠᠨ ᠤᠯᠠᠭᠠᠨ ᠪᠠᠭᠯᠠᠭ᠎ᠠ ᠸᠢᠴᠠᠲ ᠤᠨ ᠰᠠᠶᠢᠨ ᠨᠠᠶᠢᠵᠠ ᠶᠢᠨ ᠢᠶᠠᠨ ᠢᠷᠡᠭᠦᠯᠦᠭᠰᠡᠨ | ᠨᠢᠭᠡᠨ ᠤᠯᠠᠭᠠᠨ ᠪᠠᠭᠯᠠᠭ᠎ᠠ ᠶᠢ ᠨᠡᠭᠡᠭᠡᠬᠦ ᠦᠶᠡᠰ ᠨᠢᠭᠤᠴᠠᠨᠣᠮᠧᠷ ᠢᠶᠠᠨ ᠪᠢᠴᠢᠵᠦ ᠣᠷᠣᠭᠤᠯᠬᠤ ᠶᠢ ᠱᠠᠭᠠᠷᠳᠠᠬᠰᠠᠨ ᠪᠠᠶᠢᠪᠠᠯ ᠪᠢᠲᠡᠭᠡᠶ ᠠᠪ᠃ | 2. ᠬᠤᠪᠢ ᠬᠥᠮᠦᠨ ᠤ ᠮᠡᠳᠡᠭᠡ ᠵᠠᠩᠭᠢ ᠪᠠᠨ ᠪᠢᠴᠢᠵᠦ ᠤᠷᠤᠭᠤᠯᠬᠤ ᠶᠢ ᠱᠠᠭᠠᠷᠳᠠᠬᠰᠠᠨ ᠤᠯᠠᠭᠠᠨ ᠪᠠᠭᠯᠠᠭ᠎ᠠ ᠡᠨᠡ ᠲᠥᠷᠥᠯ ᠤᠨ ᠤᠯᠠᠭᠠᠨ ᠪᠠᠭᠯᠠᠭ᠎ᠠ ᠶᠢ | ᠠᠪᠬᠤ ᠦᠶᠡᠰ᠂ ᠭᠠᠷ ᠤᠲᠠᠰᠤᠨ ᠤ ᠨᠣᠮᠧᠷ᠂ ᠨᠡᠷ᠎ᠡ᠂ ᠪᠠᠩᠬᠢ ᠶᠢᠨ ᠺᠠᠷᠲ ᠤᠨ ᠨᠣᠮᠧᠷ ᠵᠡᠷᠭᠡ ᠮᠡᠳᠡᠭᠡ ᠵᠠᠩᠭᠢ ᠶᠢ ᠪᠢᠴᠢᠵᠦ ᠤᠷᠤᠭᠤᠯᠬᠤ ᠶᠢ ᠱᠠᠭᠠᠷᠳᠠᠬᠰᠠᠨ | ᠪᠠᠶᠢᠪᠠᠯ ᠪᠢᠲᠡᠭᠡᠶ ᠠᠪ᠃ | 3. ᠳᠠᠮᠵᠢᠭᠤᠯᠤᠨ ᠶᠠᠪᠤᠭᠤᠯᠬᠤ ᠶᠢ ᠱᠠᠭᠠᠷᠳᠠᠬᠰᠠᠨ ᠤᠯᠠᠭᠠᠨ ᠪᠠᠭᠯᠠᠭ᠎ᠠ ᠡᠶᠢᠮᠦᠷᠬᠦ ᠤᠯᠠᠭᠠᠨ ᠪᠠᠭᠯᠠᠭ᠎ᠠ ᠶᠢ ᠲᠤᠪᠰᠢᠵᠦ ᠨᠡᠭᠡᠭᠡᠭᠰᠡᠨ ᠤ ᠳᠠᠷᠠᠭ᠎ᠠ᠂ | ᠨᠢᠭᠤᠷ ᠤᠨ ᠰᠠᠨᠠᠭᠤᠯᠤᠮᠵᠢ ᠶᠢ ᠨᠢ ᠪᠤᠰᠤᠳ ᠸᠢᠴᠠᠲ ᠤᠨ ᠬᠤᠯᠪᠣᠭᠠᠨ ᠳᠤ ᠰᠢᠯᠵᠢᠭᠦᠯᠬᠦ ᠪᠤᠶᠤ ᠨᠠᠶᠢᠵᠠ ᠶᠢᠨ ᠲᠣᠭᠤᠷᠢᠭ ᠲᠤ ᠬᠤᠪᠢᠶᠠᠯᠴᠠᠬᠤ ᠶᠢ | ᠱᠠᠭᠠᠷᠳᠠᠬᠰᠠᠨ ᠪᠠᠶᠢᠪᠠᠯ ᠠᠪᠴᠤ ᠪᠣᠯᠤᠨ᠎ᠠ᠃ | 4. ᠥᠳᠥᠭᠡᠯᠭᠡ ᠶᠢᠨ ᠴᠢᠨᠠᠷᠳᠠᠢ ᠳᠠᠮᠵᠢᠭᠤᠯᠬᠤ ᠦᠭᠡ ᠲᠠᠢ ᠤᠯᠠᠭᠠᠨ ᠪᠠᠭᠯᠠᠭ᠎ᠠ ᠡᠶᠢᠮᠦᠷᠬᠦ ᠤᠯᠠᠭᠠᠨ ᠪᠠᠭᠯᠠᠭ᠎ᠠ ᠶᠢᠨ ᠴᠥᠷᠬᠦᠯᠡᠭᠡ ᠶᠢ ᠶᠡᠷᠦ ᠨᠢ ᠬᠦᠮᠦᠨ ᠢ | ᠠᠮᠠᠷᠬᠠᠨ ᠮᠡᠬᠡᠯᠡᠬᠦ ᠵᠦᠢᠯ ᠪᠦᠷᠢ ᠶᠢᠨ ᠬᠡᠯᠪᠡᠷᠢ ᠪᠠᠷ ᠪᠣᠭᠤᠳᠠᠯᠯᠠᠳᠠᠭ᠂ ᠵᠢᠱᠢᠶᠡᠯᠡᠪᠡᠯ ᠨᠢᠭᠡᠨ ᠵᠤᠷᠪᠤᠰ ᠦᠨᠡᠨ ᠪᠣᠳᠠᠲᠠᠶ ᠠᠪᠢᠶᠠᠨ ᠤ ᠮᠡᠳᠡᠭᠡ᠂ ᠤᠷᠢᠯᠭ᠎ᠠ | ᠶᠠᠪᠤᠭᠤᠯᠬᠤ ᠶᠢᠨ ᠵᠡᠷᠭᠡ ᠪᠠᠷ ᠨᠠᠶᠢᠵᠠ ᠶᠢᠨ ᠬᠤᠯᠪᠤᠭ᠎ᠠ ᠳᠠᠭᠠᠨ ᠨᠡᠮᠡᠬᠦ ᠶᠢ ᠰᠠᠨᠠᠭᠤᠯᠬᠤ᠂ ︽ᠪᠢ ᠨᠢᠭᠡᠨᠲᠡ ᠣᠯᠵᠤ ᠠᠪᠴᠠᠶ︾ ᠭᠡᠬᠦ ᠮᠡᠲᠦ ᠶᠢᠨ ᠵᠦᠢᠯ ᠪᠦᠷᠢ ᠶᠢᠨ | ᠦᠭᠡ ᠶᠠᠷᠢᠶ᠎ᠠ ᠪᠠᠷ ᠲᠠᠮᠵᠢᠭᠤᠯᠤᠨ ᠬᠡᠷᠡᠭᠯᠡᠭᠴᠢᠳ ᠢ ᠥᠳᠥᠭᠡᠵᠦ ᠲᠤᠪᠰᠢᠭᠤᠯᠤᠨ ᠨᠡᠭᠡᠭᠡᠯᠭᠡᠳᠡᠭ᠃ | 5. ᠠᠯᠪᠠᠨ ᠤ ᠲᠠᠯ᠎ᠠ ᠶᠢᠨ ᠨᠠᠷᠠ ᠪᠠᠷ ᠤᠪᠯᠠᠬᠰᠠᠨ ᠤᠯᠠᠭᠠᠨ ᠪᠠᠭᠯᠠᠭ᠎ᠠ ᠬᠠᠤᠯᠢ ᠪᠤᠰᠤ ᠡᠲᠡᠭᠡᠳ ᠬᠠᠭᠤᠷᠮᠠᠭ ᠨᠢᠭᠤᠷ ᠤᠨ ᠠᠭᠤᠯᠭ᠎ᠠ ᠵᠣᠬᠢᠶᠠᠵᠤ᠂ ᠠᠯᠪᠠᠨ ᠤ | ᠲᠠᠯ᠎ᠠ ᠶᠢᠨ ᠬᠢᠨ ᠢᠶᠠᠷ ᠣᠪᠯᠠᠵᠦ᠂ ᠬᠠᠯᠠᠮᠰᠢᠯ ᠬᠡᠷᠡᠭ ᠶᠠᠪᠤᠳᠠᠯ ᠢᠶᠠᠷ ᠬᠠᠯᠬᠠᠪᠴᠢ ᠪᠣᠯᠭᠠᠵᠤ᠂ ᠬᠤᠳᠠᠯ ᠬᠠᠭᠤᠷᠮᠠᠭ ︽ᠠᠰᠢᠭᠲᠠᠶ ᠮᠡᠳᠡᠭᠡ︾ ᠶᠢ ᠵᠣᠬᠢᠶᠠᠭᠠᠳ | ᠳᠠᠬᠢᠨ ︽ᠶᠡᠭᠡ ᠲᠣᠭᠠᠨ ᠤ ᠪᠡᠯᠡᠭ︾ ᠬᠡᠮᠡᠨ ᠬᠦᠮᠦᠰ ᠢ ᠦᠳᠦᠭᠡᠨ ᠲᠠᠳᠠᠵᠦ᠂ ᠬᠡᠷᠡᠭᠯᠡᠭᠴᠢᠳ ᠢ ᠮᠡᠬᠡᠯᠡᠳᠡᠭ᠃ | 6. ︽ᠪᠡᠯᠡᠨ ᠵᠣᠭᠤᠰ ᠤᠨ ᠤᠯᠠᠭᠠᠨ ᠪᠠᠭᠯᠠᠭ᠎ᠠ︾ ︽AA ᠤᠯᠠᠭᠠᠨ ᠪᠠᠭᠯᠠᠭ᠎ᠠ︾ ︽ᠵᠣᠭᠤᠰ ᠦᠭᠭᠦ︾᠂ ︽ᠪᠡᠯᠡᠨ ᠵᠣᠭᠤᠰ ᠤᠨ ᠪᠡᠯᠡᠭ ᠤᠨ ᠪᠠᠭᠯᠠᠭ᠎ᠠ | ︾᠂ ︽AA ᠤᠯᠠᠭᠠᠨ ᠪᠠᠭᠯᠠᠭ᠎ᠠ︾ ᠵᠡᠷᠭᠡ ᠦᠰᠦᠭ ᠪᠢᠴᠢᠭᠰᠡᠨ ᠤᠯᠠᠭᠠᠨ ᠪᠠᠭᠯᠠᠭ᠎ᠠ ᠶᠢᠨ ᠮᠡᠬᠡᠯᠡᠯ ᠢ ᠬᠢᠴᠢᠶᠡᠭᠦ ᠬᠡᠷᠡᠭᠲᠡᠶ᠃ |