ᠤᠷᠠᠳ ᠮᠣᠩᠭᠤᠯᠴᠤᠳ ᠤᠨ ᠰᠢᠭᠦᠰᠦ ᠣᠷᠣᠭᠤᠯᠬᠤ ᠶᠣᠰᠣᠨ
ᠨᠡᠶᠢᠲᠡᠯᠡᠭᠰᠡᠨ ᠴᠠᠭ᠄
2024/3/15
      ︽ᠬᠤᠷᠢᠮ ᠤᠨ ᠮᠠᠩᠯᠠᠢ ᠬᠤᠨᠢᠨ ᠤ ᠰᠢᠭᠦᠰᠦ᠂ ᠨᠠᠶᠢᠷ ᠤᠨ ᠮᠠᠩᠯᠠᠢ ᠨᠠᠩᠴᠢᠳ ᠰᠠᠷᠬᠤᠳ︾ ᠭᠡᠳᠡᠭᠴᠢᠯᠡᠨ ᠬᠤᠨᠢᠨ ᠤ ᠰᠢᠭᠦᠰᠦ ᠪᠣᠯᠤᠨ ᠠᠷᠢᠬᠢ ᠰᠠᠷᠬᠤᠳ ᠪᠣᠯ ᠰᠠᠯᠵᠤ ᠪᠣᠯᠤᠰᠢ ᠦᠭᠡᠢ ᠬᠠᠮᠲᠤ ᠪᠠᠷ ᠬᠡᠷᠡᠭᠯᠡᠭᠳᠡᠳᠡᠭ ᠢᠳᠡᠭᠡᠨ ᠤᠮᠳᠠᠭᠠᠨ ᠪᠣᠯᠬᠤ ᠶᠤᠮ᠃ ᠰᠢᠭᠦᠰᠦ ᠪᠠᠨ ᠪᠣᠯᠭᠤᠵᠤ ᠭᠠᠷᠭᠠᠭᠰᠠᠨ ᠤ ᠳᠠᠷᠠᠭ᠎ᠠ ᠲᠣᠭᠲᠠᠭᠰᠠᠨ ᠵᠢᠷᠤᠮ ᠶᠣᠰᠣ ᠪᠠᠷ ᠲᠡᠪᠰᠢᠨ ᠳᠡᠭᠡᠨ ᠵᠠᠰᠠᠬᠤ ᠪᠣᠯᠣᠨ᠎ᠠ᠃ ᠭᠡᠬᠦ ᠳᠡᠭᠡᠨ ᠤᠷᠢᠳ ᠢᠶᠠᠷ ᠬᠠ ᠭᠤᠶ᠎ᠠ ᠶᠢ ᠨᠢ ᠠᠮᠢᠳᠤ ᠮᠠᠯ ᠤᠨ ᠬᠡᠪᠲᠡᠭᠡ ᠶᠣᠰᠣᠭᠠᠷ ᠥᠷᠥᠵᠦ ᠳᠡᠭᠡᠷ᠎ᠡ ᠠᠴᠠ ᠨᠢ ᠤᠭᠤᠴᠠ ᠶᠢ ᠨᠢ ᠬᠥᠮᠥᠷᠢᠵᠦ ᠲᠠᠯᠪᠢᠳᠠᠭ᠃ ᠳᠠᠷᠠᠭ᠎ᠠ ᠨᠢ ᠲᠣᠯᠣᠭᠠᠢ ᠶᠢ ᠨᠢ ᠡᠷᠡᠦ ᠦᠭᠡᠢ ᠤᠭᠤᠴᠠᠨ ᠳᠡᠭᠡᠷ᠎ᠡ ᠲᠠᠯ᠎ᠠ ᠳᠤ ᠤᠷᠤᠭᠰᠢ ᠬᠠᠨᠳᠤᠭᠤᠯᠵᠤ ᠲᠠᠯᠪᠢᠭᠠᠳ ᠰᠡᠭᠡᠷ ᠢ ᠨᠢ ᠵᠥᠪ ᠲᠠᠯ᠎ᠠ ᠳᠤᠨᠢ ᠬᠦᠵᠦᠭᠦᠦ ᠪᠠᠨ ᠨᠤᠭᠤᠯᠵᠤ ᠬᠡᠪᠲᠡᠵᠦ ᠪᠠᠶᠢᠭ᠎ᠠ ᠮᠠᠶ᠋ᠢᠭ ᠢᠶᠠᠷ ᠲᠠᠯᠪᠢᠳᠠᠭ᠃ ᠰᠡᠭᠡᠷ ᠢ ᠲᠠᠯᠪᠢᠬᠤ ᠳᠠᠭᠠᠨ ᠨᠠᠷᠢᠨ ᠦᠵᠦᠭᠦᠷ ᠢ ᠨᠢ ᠤᠷᠤᠭᠰᠢ ᠬᠠᠨᠳᠤᠭᠤᠯᠵᠤ᠂ ᠪᠦᠳᠦᠭᠦᠨ ᠦᠵᠦᠭᠦᠷ ᠢ ᠨᠢ ᠰᠡᠭᠦᠯ ᠵᠦᠭ ᠨᠢ ᠬᠠᠨᠳᠤᠭᠤᠯᠤᠨ ᠰᠡᠷᠪᠡᠭᠡ ᠶᠢ ᠨᠢ ᠳᠡᠭᠡᠭᠰᠢ ᠬᠠᠨᠳᠤᠭᠤᠯᠤᠨ ᠲᠠᠯᠪᠢᠬᠤ ᠬᠡᠷᠡᠭᠲᠡᠢ᠃ ᠲᠣᠯᠣᠭᠠᠢ ᠶᠢ ᠨᠢ ᠲᠠᠯᠪᠢᠬᠤ ᠠᠴᠠ ᠪᠠᠨ ᠡᠮᠦᠨ᠎ᠡ ᠮᠠᠩᠨᠠᠢ ᠳᠡᠭᠡᠷ᠎ᠡ ᠨᠢ ᠬᠢᠲᠤᠭ᠎ᠠ ᠪᠠᠷ ᠨᠠᠷᠠ ᠰᠠᠷᠠ ᠮᠠᠯᠲᠠᠵᠤ ᠭᠠᠷᠭᠠᠨ ᠲᠡᠷᠡ ᠣᠷᠣᠮ ᠳᠡᠭᠡᠷ᠎ᠡ  ᠨᠢ ᠬᠤᠷᠤᠳ ᠪᠤᠶᠤ ᠰᠢᠷ᠎ᠠ ᠲᠣᠰᠣ ᠲᠠᠯᠪᠢᠳᠠᠭ᠃ ᠡᠰᠡᠬᠦᠯ᠎ᠡ ᠲᠣᠮᠣᠬᠠᠨ ᠮᠥᠰᠥᠨ ᠰᠢᠬᠢᠷ ᠲᠠᠯᠪᠢᠭᠰᠠᠨ ᠴᠤ ᠪᠣᠯᠣᠨ᠎ᠠ᠃ ᠰᠢᠭᠦᠰᠦᠨ ᠳᠤ ᠡᠪᠴᠢᠭᠦᠦ ᠬᠦᠵᠦᠭᠦᠦ ᠪᠣᠯ ᠶᠡᠷᠦ ᠠᠴᠠ ᠪᠠᠨ ᠣᠷᠣᠳᠠᠭ ᠦᠭᠡᠢ ᠶᠤᠮ᠃ ᠤᠷᠠᠳ ᠮᠣᠩᠭᠤᠯᠴᠤᠳ ᠤᠨ ᠳᠤᠮᠳᠠ ︽ᠬᠦᠷᠭᠡᠨ ᠬᠥᠮᠦᠨ ᠬᠦᠴᠦ ᠦᠭᠡᠢ᠂ ᠬᠦᠵᠦᠭᠦᠨ ᠤ ᠮᠢᠬ᠎ᠠ ᠥᠯ ᠦᠭᠡᠢ︾ ᠭᠡᠰᠡᠨ ᠳᠣᠮᠤᠭ ᠶᠠᠷᠢᠶ᠎ᠠ ᠪᠠᠶᠢᠳᠠᠭ ᠲᠤᠯᠠ ᠬᠦᠵᠦᠭᠦᠦ ᠪᠠᠷ ᠬᠦᠷᠭᠡᠨ ᠬᠦᠦ ᠶᠢᠨ ᠬᠦᠴᠦ ᠴᠢᠳᠠᠯ ᠢ ᠰᠢᠯᠭᠠᠬᠤ ᠲᠣᠭᠯᠠᠭᠠᠮ ᠪᠣᠯᠭᠠᠳᠠᠭ ᠪᠢᠯᠡ᠃ ᠡᠪᠴᠢᠭᠦᠦ ᠨᠢ ᠭᠠᠯ ᠪᠤᠷᠬᠠᠨ ᠤ ᠬᠡᠰᠢᠭ ᠪᠣᠯᠬᠤ ᠪᠥᠭᠡᠳ ᠬᠡᠦᠬᠡᠨ ᠢᠶᠠᠨ ᠡᠷᠭᠢᠬᠦ ᠳᠤ ᠬᠡᠷᠡᠭᠯᠡᠳᠡᠭ ᠰᠢᠭᠦᠰᠦ ᠶᠤᠮ᠃ ᠪᠠᠰᠠ ᠡᠪᠴᠢᠭᠦᠦ ᠪᠣᠯ ᠬᠡᠦᠬᠡᠨ ᠬᠥᠮᠦᠨ ᠤ ᠬᠤᠪᠢ᠂ ︽ᠬᠡᠦᠬᠡᠨ ᠬᠥᠮᠦᠨ ᠳᠤ ᠡᠪᠴᠢᠭᠦᠦ ᠡᠭᠡᠯᠢᠲᠡᠢ᠂ ᠬᠥᠭᠰᠢᠨ ᠬᠥᠮᠦᠨ ᠳᠤ ᠬᠡᠦᠬᠡᠨ ᠡᠨᠡᠷᠢᠯ ᠲᠠᠢ︾ ᠭᠡᠳᠡᠭ ᠤᠯᠠᠮᠵᠢᠯᠠᠯ ᠶᠠᠷᠢᠶ᠎ᠠ ᠴᠤ ᠪᠠᠶᠢᠳᠠᠭ᠃ ᠡᠶᠢᠮᠦ ᠠᠴᠠ ᠪᠡᠯᠭᠡ ᠳᠡᠮᠪᠡᠷᠡᠯ ᠢ ᠡᠷᠬᠢᠮᠯᠡᠨ᠂ ᠨᠠᠭᠠᠳᠤᠮ ᠲᠣᠭᠯᠠᠭᠠᠮ ᠪᠣᠯᠭᠠᠬᠤ ᠠᠴᠠ ᠵᠠᠶᠢᠯᠠᠰᠬᠢᠬᠦ ᠪᠠ ᠭᠠᠯ ᠪᠤᠷᠬᠠᠨ ᠤ ᠬᠡᠰᠢᠭ ᠢ ᠬᠦᠨᠳᠦᠳᠬᠡᠵᠦ ᠴᠡᠭᠡᠷᠯᠡᠬᠦ ᠡᠭᠦᠳᠡᠨ ᠠᠴᠠ ᠬᠦᠵᠦᠭᠦᠦ ᠡᠪᠴᠢᠭᠦᠦ ᠶᠢ ᠰᠢᠭᠦᠰᠦᠨ ᠳᠤ ᠣᠷᠣᠭᠤᠯᠳᠠᠭ ᠦᠭᠡᠢ ᠭᠡᠵᠦ ᠬᠥᠮᠦᠰ ᠶᠠᠷᠢᠯᠴᠠᠳᠠᠭ ᠰᠠᠨ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ