ᠤᠷᠠᠳ ᠮᠣᠩᠭᠤᠯᠴᠤᠳ ᠤᠨ ᠰᠢᠭᠦᠰᠦ ᠡᠪᠳᠡᠬᠦ ᠶᠣᠰᠣᠨ
ᠨᠡᠶᠢᠲᠡᠯᠡᠭᠰᠡᠨ ᠴᠠᠭ᠄
2024/3/15
      ᠤᠷᠠᠳ ᠮᠣᠩᠭᠤᠯᠴᠤᠳ ᠤᠨ ᠵᠠᠩᠰᠢᠯ ᠢᠶᠠᠷ ᠪᠣᠯ ᠨᠠᠶᠢᠷ ᠬᠤᠷᠢᠮ ᠤᠨ ᠰᠡᠭᠦᠯᠴᠢ ᠶᠢᠨ ᠦᠶᠡᠰ ᠲᠤ ᠰᠢᠭᠦᠰᠦ ᠣᠷᠣᠭᠤᠯᠳᠠᠭ᠃ ᠰᠢᠭᠦᠰᠦ ᠣᠷᠣᠭᠤᠯᠬᠤ ᠦᠶ᠎ᠡ ᠳᠤ ᠨᠠᠶᠢᠷ ᠬᠤᠷᠢᠮ ᠨᠢ ᠬᠥᠭᠵᠢᠭᠡᠳ ᠨᠢᠭᠡᠨᠲᠡ ᠣᠷᠭᠢᠯ ᠳᠠᠭᠠᠨ ᠲᠤᠯᠤᠭᠰᠠᠨ ᠪᠠᠶᠢᠳᠠᠭ᠃      ᠰᠢᠭᠦᠰᠦ ᠣᠷᠣᠭᠤᠯᠬᠤ ᠠᠴᠠ ᠡᠮᠦᠨ᠎ᠡ ᠨᠠᠶᠢᠷ ᠤᠨ ᠳᠠᠭᠠᠭᠠᠮᠠᠯ ᠨᠢ ᠵᠣᠴᠢᠳ ᠢ ᠪᠦᠭᠦᠳᠡ ᠶᠢ ᠨᠠᠶᠢᠷ ᠤᠨ ᠭᠡᠷ ᠲᠤ ᠵᠠᠯᠠᠵᠤ ᠰᠠᠭᠤᠳᠠᠯ ᠳᠤ ᠰᠠᠭᠤᠯᠭᠠᠬᠤ ᠳᠤ ᠠᠷᠢᠬᠢ ᠪᠠᠷᠢᠭᠴᠢ ᠠᠴᠠ ᠬᠥᠮᠦᠨ ᠪᠦᠬᠦᠨ ᠤ ᠬᠤᠨᠳᠠᠭ᠎ᠠ ᠶᠢ ᠰᠡᠷᠭᠦᠭᠡᠵᠦ ᠪᠦᠭᠦᠳᠡᠭᠡᠷ ᠲᠤ ᠠᠷᠢᠬᠢ ᠪᠠᠷᠢᠨ᠎ᠠ᠃ ᠡᠨᠡ ᠦᠶ᠎ᠡ ᠳᠤ ᠨᠠᠶᠢᠷ ᠲᠤ ᠠᠬᠠᠮᠠᠳ ᠲᠣᠮᠣᠭᠠᠲᠠᠨ ᠤ ᠬᠤᠪᠢ ᠪᠠᠷ ᠭᠤᠣᠯᠯᠠᠵᠤ ᠰᠠᠭᠤᠵᠤ ᠪᠠᠶᠢᠭ᠎ᠠ ᠭᠤᠣᠯ ᠵᠣᠴᠢᠨ ᠤ ᠵᠦᠭ ᠬᠠᠨᠳᠤᠭᠤᠯᠵᠤ ᠲᠠᠯᠪᠢᠭᠠᠳ ᠣᠯᠠᠨ ᠤ ᠡᠮᠦᠨ᠎ᠡ ᠲᠡᠪᠰᠢ ᠲᠠᠢ ᠰᠢᠭᠦᠰᠦ ᠪᠠᠨ ᠨᠠᠷᠠ ᠵᠥᠪ ᠡᠷᠭᠢᠭᠦᠯᠳᠡᠭ᠃ ᠡᠭᠦᠨ ᠤ ᠳᠠᠷᠠᠭ᠎ᠠ ᠨᠢ ᠢᠷᠥᠭᠡᠯᠴᠢ ᠠᠴᠠ ᠠᠯᠳᠠ ᠴᠠᠭᠠᠨ ᠬᠠᠳᠠᠭ ᠢᠶᠠᠨ ᠳᠡᠯᠭᠡᠨ ᠮᠥᠩᠭᠦᠨ ᠴᠥᠭᠦᠴᠡᠨ ᠳᠡᠭᠡᠨ ᠴᠠᠭᠠᠨ ᠢᠳᠡᠭᠡ ᠪᠢᠯᠬᠠᠭᠤᠯᠵᠤ᠂ ᠰᠢᠭᠦᠰᠦᠨ ᠤ ᠢᠷᠥᠭᠡᠯ ᠢᠶᠠᠨ ᠤᠩᠰᠢᠵᠤ ᠰᠢᠭᠦᠰᠦᠨ ᠤ ᠭᠤᠣᠯ ᠳᠤ ᠰᠠᠭᠤᠭᠰᠠᠨ ᠵᠣᠴᠢᠨ ᠳᠤ ᠴᠠᠭᠠᠨ ᠢᠳᠡᠭᠡ ᠪᠠᠷᠢᠬᠤ ᠳᠤ ᠵᠣᠴᠢᠨ ᠠᠮᠰᠠᠭᠠᠳ ᠳᠣᠷᠣᠭᠰᠢ ᠳᠠᠮᠵᠢᠭᠤᠯᠬᠤ ᠳᠤ ᠵᠣᠴᠢᠳ ᠪᠦᠭᠦᠳᠡᠭᠡᠷ ᠢᠶᠠᠨ ᠠᠮᠰᠠᠵᠠᠭᠠᠳᠠᠭ᠃ ᠴᠠᠭᠠᠨ ᠢᠳᠡᠭᠡ ᠠᠮᠰᠠᠵᠤ ᠪᠠᠶᠢᠭ᠎ᠠ ᠵᠠᠪᠰᠠᠷ ᠲᠤ ᠰᠢᠭᠦᠰᠦ ᠡᠪᠳᠡᠭᠴᠢ ᠨᠢ ᠬᠢᠲᠤᠭᠠᠨ ᠤ ᠢᠷ ᠲᠠᠯ᠎ᠠ ᠠᠴᠠ ᠨᠢ ᠪᠠᠷᠢᠭᠠᠳ ᠡᠰᠢ ᠲᠠᠯ᠎ᠠ ᠪᠠᠷ ᠰᠢᠭᠦᠰᠦᠨ ᠤ ᠭᠤᠣᠯ ᠳᠤ ᠰᠠᠭᠤᠭᠰᠠᠨ ᠬᠥᠮᠦᠨ ᠳᠤ ᠭᠠᠷᠳᠠᠭᠤᠯᠤᠨ᠎ᠠ᠃ ᠡᠨᠡ ᠦᠶ᠎ᠡ ᠳᠤ ᠲᠡᠭᠷᠢ ᠪᠤᠷᠬᠠᠨ ᠳᠤ ᠡᠷᠭᠦᠬᠦ ᠬᠡᠰᠢᠭ ᠢ ᠬᠦᠯᠢᠶᠡᠨ ᠠᠪᠬᠤ ᠰᠢᠨᠠᠭ᠎ᠠ ᠪᠠᠷᠢᠭᠰᠠᠨ ᠬᠥᠮᠦᠨ ᠨᠢ ᠰᠢᠭᠦᠰᠦᠨ ᠤ ᠬᠠᠵᠠᠭᠤ ᠳᠤ ᠵᠠᠪᠳᠤᠵᠤ ᠢᠷᠡᠭᠰᠡᠨ ᠪᠠᠶᠢᠬᠤ ᠬᠡᠷᠡᠭᠲᠡᠢ᠃ ᠰᠢᠭᠦᠰᠦᠨ ᠤ ᠭᠤᠣᠯ ᠳᠤ ᠰᠠᠭᠤᠭᠰᠠᠨ ᠬᠥᠮᠦᠨ ᠨᠢ ᠬᠢᠲᠤᠭ᠎ᠠ ᠶᠢ ᠨᠢ ᠲᠣᠰᠴᠤ ᠠᠪᠤᠩᠭᠤᠲᠠ ᠲᠣᠯᠣᠭᠠᠢ᠂ ᠤᠭᠤᠴᠠ᠂ ᠳᠥᠷᠪᠡᠨ ᠮᠥᠴᠢ᠂ ᠰᠡᠭᠦᠯ ᠵᠡᠷᠭᠡ ᠠᠴᠠ ᠨᠢ ᠪᠠᠭ᠎ᠠ ᠪᠠᠭ᠎ᠠ ᠬᠠᠯᠢᠨ ᠠᠪᠴᠤ ᠰᠢᠨᠠᠭᠠᠨ ᠳᠤᠨᠢ ᠬᠢᠭᠡᠳ ᠳᠡᠭᠡᠷ᠎ᠡ ᠠᠴᠠ ᠨᠢ ᠴᠠᠢ᠂ ᠠᠷᠢᠬᠢ ᠨᠡᠮᠡᠵᠦ ᠲᠡᠭᠷᠢ ᠪᠤᠷᠬᠠᠨ ᠳᠤ ᠡᠷᠭᠦᠭᠦᠯᠬᠦ ᠶᠢᠨ ᠬᠠᠮᠲᠤ ᠬᠢᠲᠤᠭ᠎ᠠ ᠪᠠᠨ ᠮᠥᠨ ᠢᠷ ᠲᠠᠯ᠎ᠠ ᠠᠴᠠ  ᠨᠢ ᠪᠠᠷᠢᠭᠠᠳ ᠡᠰᠢ ᠲᠠᠯ᠎ᠠ ᠪᠠᠷ ᠨᠢ ᠰᠢᠭᠦᠰᠦ ᠡᠪᠳᠡᠭᠴᠢ ᠳᠤ ︽ᠰᠢᠭᠦᠰᠦ ᠪᠠᠨ ᠡᠪᠳᠡᠵᠦ ᠬᠠᠶᠢᠷᠠᠯᠠ︕︾ ᠭᠡᠵᠦ ᠪᠤᠴᠠᠭᠠᠵᠤ ᠥᠭᠳᠡᠭ᠃ ᠡᠨᠡ ᠦᠶ᠎ᠡ ᠳᠤ ᠳᠠᠭᠤᠴᠢᠳ ᠠᠴᠠ ᠰᠢᠭᠦᠰᠦᠨ ᠤ ᠳᠠᠭᠤᠤ ᠳᠠᠭᠤᠯᠠᠨ᠎ᠠ᠃ ᠠᠷᠢᠬᠢ ᠪᠠᠷᠢᠭᠴᠢ ᠨᠢ ᠠᠯᠳᠠ ᠴᠠᠭᠠᠨ ᠬᠠᠳᠠᠭ ᠢᠶᠠᠨ ᠳᠡᠯᠭᠡᠨ ᠮᠥᠩᠭᠦᠨ ᠴᠥᠭᠦᠴᠡ ᠪᠤᠶᠤ ᠲᠣᠮᠣᠬᠠᠨ ᠬᠤᠨᠳᠠᠭ᠎ᠠ ᠪᠠᠷ ᠰᠢᠭᠦᠰᠦᠨ ᠤ ᠭᠤᠣᠯ ᠳᠤ ᠰᠠᠭᠤᠭᠰᠠᠨ ᠬᠥᠮᠦᠨ ᠠᠴᠠ ᠡᠬᠢᠯᠡᠨ ᠬᠥᠮᠦᠨ ᠪᠦᠬᠦᠨ ᠳᠤ ᠰᠢᠭᠦᠰᠦᠨ ᠤ ᠵᠣᠷᠢᠭ ᠢ ᠨᠢᠭᠡ ᠨᠢᠭᠡ ᠤᠤᠭᠤᠯᠭᠠᠬᠤ ᠪᠠᠷ ᠰᠢᠬᠠᠳᠠᠭ᠃ ᠰᠢᠭᠦᠰᠦᠨ ᠤ ᠭᠤᠣᠯ ᠳᠤ ᠰᠠᠭᠤᠭᠰᠠᠨ ᠬᠥᠮᠦᠨ ᠪᠣᠯ ᠡᠨᠡ ᠠᠷᠢᠬᠢ ᠶᠢ ᠡᠷᠬᠡᠪᠰᠢ ᠤᠤᠭᠤᠬᠤ ᠬᠡᠷᠡᠭᠲᠡᠢ᠃ ᠰᠢᠭᠦᠰᠦᠨ ᠤ ᠳᠠᠭᠤᠤ ᠡᠬᠢᠯᠡᠮᠡᠭᠴᠡ ᠰᠢᠭᠦᠰᠦ ᠪᠠᠨ ᠡᠪᠳᠡᠵᠦ ᠶᠠᠭᠠᠷᠠᠯᠳᠤᠨ᠎ᠠ᠃ ᠡᠪᠳᠡᠬᠦ ᠳᠡᠰ ᠳᠠᠷᠠᠭᠠᠯᠠᠯ ᠨᠢ ᠪᠣᠯ ᠪᠤᠷᠤᠭᠤ ᠲᠠᠯ᠎ᠠ ᠶᠢᠨ ᠵᠠᠯᠠᠭ᠎ᠠ ᠲᠠᠢ ᠱᠠᠭᠠᠨᠲᠤ᠂ ᠤᠭᠤᠷᠠᠭ ᠰᠡᠭᠦᠯ᠂ ᠲᠣᠯᠣᠭᠠᠢ ᠲᠠᠢ  ᠨᠢ ᠲᠠᠪᠠᠭᠯᠠᠵᠤ ᠠᠪᠤᠭᠠᠳ ᠪᠤᠷᠬᠠᠨ ᠤ ᠲᠠᠬᠢᠯᠭ᠎ᠠ ᠪᠣᠯᠭᠠᠨ ᠲᠠᠬᠢᠳᠠᠭ᠃ ᠡᠭᠦᠨ ᠤ ᠳᠠᠷᠠᠭ᠎ᠠ ᠨᠢ ᠤᠭᠤᠴᠠᠨ ᠤ ᠨᠠᠢᠮᠠᠨ ᠰᠦᠪᠡᠷᠭᠡ ᠶᠢ ᠬᠤᠶᠠᠷ ᠬᠠᠷᠴᠠᠭ᠎ᠠ ᠲᠠᠢ ᠨᠢ ᠨᠤᠭᠤᠯᠵᠤ ᠠᠪᠤᠭᠠᠳ ᠤᠭᠤᠴᠠᠨ ᠤ ᠬᠢᠨᠢ ᠳᠣᠣᠭᠤᠷ ᠨᠢ ᠳᠡᠭᠡᠭᠰᠢ ᠬᠠᠨᠳᠤᠭᠤᠯᠤᠨ ᠳᠠᠷᠤᠵᠤ ᠲᠠᠯᠪᠢᠭᠠᠳ ᠳᠥᠷᠪᠡᠨ ᠮᠥᠴᠢ ᠠᠴᠠ ᠡᠬᠢᠯᠡᠨ ᠡᠪᠳᠡᠳᠡᠭ᠃ ᠬᠠ ᠭᠤᠶ᠎ᠠ ᠶᠢ ᠨᠢ ᠪᠦᠭᠦᠳᠡ ᠶᠢ ᠡᠪᠳᠡᠵᠦ ᠪᠠᠷᠠᠭᠰᠠᠨ ᠤ ᠳᠠᠷᠠᠭ᠎ᠠ᠂ ᠤᠭᠤᠴᠠᠨ ᠤ ᠪᠠᠨ ᠬᠤᠶᠠᠷ ᠲᠠᠯ᠎ᠠ ᠶᠢᠨ ᠮᠢᠬ᠎ᠠ ᠠᠴᠠ ᠨᠠᠷᠢᠪᠲᠤᠷ ᠰᠢᠭ᠋ ᠭᠤᠷᠪᠠ ᠭᠤᠷᠪᠠ ᠵᠦᠰᠦᠭᠡᠳ ᠤᠭᠤᠴᠠᠨ ᠳᠡᠭᠡᠷ᠎ᠡ ᠨᠢ ᠬᠥᠨᠳᠡᠯᠡᠨ ᠲᠣᠬᠤᠵᠤ ᠲᠠᠯᠪᠢᠳᠠᠭ᠃ ᠢᠩᠭᠢᠪᠡᠯ ᠳᠠᠷᠤᠢ ᠰᠢᠭᠦᠰᠦ ᠡᠪᠳᠡᠬᠦ ᠶᠠᠪᠤᠳᠠᠯ ᠪᠦᠷᠢᠨ ᠲᠡᠭᠦᠰᠬᠦ ᠲᠤᠯᠠ᠂ ᠰᠢᠭᠦᠰᠦᠨ ᠤ ᠭᠤᠣᠯ ᠳᠤ ᠰᠠᠭᠤᠭᠰᠠᠨ ᠬᠥᠮᠦᠨ ᠨᠢ ᠰᠢᠭᠦᠰᠦ ᠡᠪᠳᠡᠭᠴᠢ ᠳᠤ ᠨᠢᠭᠡ ᠬᠤᠳᠠᠭ᠎ᠠ ᠠᠷᠢᠬᠢ ᠪᠠᠷᠢᠵᠤ ᠲᠠᠯᠠᠷᠬᠠᠭᠠᠳ᠂ ︽ᠰᠢᠭᠦᠰᠦ ᠪᠠᠨ ᠲᠦᠭᠡᠭᠡᠵᠦ ᠬᠠᠶᠢᠷᠠᠯᠠ︕︾ ᠭᠡᠵᠦ ᠬᠡᠯᠡᠭᠡᠳ ᠪᠤᠰᠤᠳ ᠰᠢᠷᠡᠭᠡ ᠨᠦᠭᠦᠳ ᠲᠤ ᠬᠤᠪᠢᠶᠠᠵᠤ ᠲᠠᠯᠪᠢᠭᠤᠯᠳᠠᠭ᠃ ᠰᠢᠭᠦᠰᠦ ᠶᠢ ᠲᠦᠷᠭᠡᠨ ᠡᠪᠳᠡᠳᠡᠭ ᠬᠥᠮᠦᠨ ᠪᠣᠯ ᠰᠢᠭᠦᠰᠦᠨ ᠤ ᠳᠠᠭᠤᠤ ᠳᠠᠭᠤᠯᠠᠵᠤ ᠪᠠᠷᠠᠬᠤ ᠠᠴᠠ ᠡᠮᠦᠨ᠎ᠡ ᠡᠪᠳᠡᠭᠡᠳ ᠲᠡᠭᠦᠰᠦᠭᠰᠡᠨ ᠪᠠᠶᠢᠳᠠᠭ᠃ ᠮᠥᠴᠢ ᠶᠢ ᠰᠠᠯᠭᠠᠵᠤ ᠲᠦᠭᠡᠭᠡᠬᠦ ᠳᠤ ᠴᠤ ᠪᠠᠰᠠ ᠳᠡᠰ ᠳᠠᠷᠠᠭᠠᠯᠠᠯ ᠲᠠᠢ ᠪᠥᠭᠡᠳ ᠶᠣᠰᠣ ᠵᠢᠷᠤᠮ ᠲᠠᠢ ᠪᠠᠶᠢᠳᠠᠭ᠃ ᠮᠥᠴᠢ ᠶᠢᠨ ᠲᠣᠯᠣᠭᠠᠢ ᠲᠠᠯ᠎ᠠ ᠶᠢ ᠵᠣᠭᠤᠭᠯᠠᠬᠤ ᠬᠥᠮᠦᠨ ᠤ ᠪᠠᠨ ᠵᠦᠭ ᠬᠠᠨᠳᠤᠭᠤᠯᠵᠤ ᠲᠠᠯᠪᠢᠬᠤ ᠬᠡᠷᠡᠭᠲᠡᠢ᠃ ᠬᠥᠨᠳᠡᠯᠡᠨ ᠭᠤᠯᠳᠤ ᠬᠠᠮᠢᠶ᠎ᠠ ᠨᠠᠮᠢᠶ᠎ᠠ ᠦᠭᠡᠢ ᠲᠠᠯᠪᠢᠵᠤ ᠪᠣᠯᠬᠤ ᠦᠭᠡᠢ᠃      ᠰᠢᠭᠦᠰᠦ ᠡᠪᠳᠡᠬᠦ ᠶᠠᠪᠤᠴᠠ ᠳᠤᠮᠳᠠ ᠶᠠᠮᠠᠷ ᠨᠢᠭᠡᠨ ᠮᠥᠴᠢ ᠶᠢ ᠠᠨᠳᠠᠭᠤ ᠪᠤᠷᠤᠭᠤ ᠰᠠᠯᠭᠠᠭᠰᠠᠨ ᠪᠤᠶᠤ ᠪᠤᠷᠤᠭᠤ ᠲᠠᠯᠪᠢᠭᠰᠠᠨ ᠪᠣᠯ ᠵᠣᠴᠢᠳ ᠮᠠᠰᠢ ᠳᠤᠷ᠎ᠠ ᠦᠭᠡᠶᠢᠴᠡᠵᠦ᠂ ᠵᠠᠷᠢᠮ ᠨᠢ ᠬᠥᠳᠡᠯᠭᠡᠬᠦ ᠴᠤ ᠦᠭᠡᠢ ᠭᠠᠷ ᠳᠤᠭᠲᠤᠶᠢᠯᠠᠨ ᠰᠠᠭᠤᠬᠤ ᠪᠤᠶᠤ ᠭᠠᠷᠴᠤ ᠶᠠᠪᠤᠳᠠᠭ ᠴᠤ ᠪᠤᠢ᠃ ᠨᠡᠩ ᠴᠢᠨᠠᠭᠰᠢᠯᠠᠪᠠᠯ ᠵᠠᠷᠢᠮ ᠨᠢ ᠠᠷᠢᠬᠢᠨ ᠤ ᠬᠠᠯᠠᠭᠤᠨ ᠢᠶᠠᠷ ᠲᠡᠪᠰᠢ ᠲᠠᠢ ᠰᠢᠭᠦᠰᠦ ᠶᠢ ᠨᠢ ᠬᠥᠷᠪᠡᠲᠡᠯ᠎ᠡ ᠢᠰᠬᠦᠯᠳᠡᠭ ᠤᠴᠢᠷ ᠴᠤ ᠭᠠᠷᠳᠠᠭ᠃ ᠡᠭᠦᠨ ᠢ ᠠᠷᠢᠬᠢᠨ ᠰᠣᠭᠲᠣᠭᠤ ᠪᠠᠷ ᠢᠶᠠᠨ ᠬᠡᠷᠡᠭ ᠲᠠᠲᠠᠵᠤ ᠪᠠᠶᠢᠨ᠎ᠠ ᠭᠡᠵᠦ ᠦᠵᠡᠵᠦ ᠶᠠᠭᠠᠬᠢᠭᠰᠠᠨ ᠴᠤ ᠪᠣᠯᠬᠤ ᠦᠭᠡᠢ᠃ ᠤᠴᠢᠷ ᠨᠢ ᠮᠣᠩᠭᠤᠯᠴᠤᠳ ᠬᠤᠨᠢᠨ ᠰᠢᠭᠦᠰᠦ ᠶᠢ ᠬᠠᠮᠤᠭ ᠤᠨ ᠬᠦᠨᠳᠦᠲᠦ ᠢᠳᠡᠭᠡᠨ ᠢᠶᠠᠷ ᠦᠵᠡᠳᠡᠭ ᠲᠤᠯᠠ᠂ ᠲᠡᠭᠦᠨ ᠢ ᠦᠯᠦ ᠬᠦᠨᠳᠦᠳᠬᠡᠬᠦ ᠣᠪᠣᠷ ᠢᠶᠠᠷ ᠬᠠᠨᠳᠤᠭᠰᠠᠨ ᠢ ᠶᠡᠷᠦ ᠠᠴᠠ ᠪᠠᠨ ᠥᠷᠥᠰᠢᠶᠡᠬᠦ ᠶᠣᠰᠣᠨ ᠦᠭᠡᠢ᠂ ᠰᠢᠭᠦᠰᠦ ᠶᠢ ᠬᠦᠨᠳᠦᠳᠬᠡᠬᠦ ᠦᠭᠡᠢ ᠪᠠᠶᠢᠭ᠎ᠠ ᠶᠠᠪᠤᠳᠠᠯ ᠪᠣᠯ ᠡᠪᠦᠭᠡ ᠳᠡᠭᠡᠳᠦᠰ ᠠᠴᠠ ᠤᠯᠠᠮᠵᠢᠯᠠᠵᠤ ᠢᠷᠡᠭᠰᠡᠨ ᠦᠨᠳᠦᠰᠦᠲᠡᠨ ᠤ ᠪᠠᠨ ᠵᠠᠩ ᠳᠠᠳᠬᠠᠯ᠂ ᠶᠣᠰᠣᠨ ᠰᠤᠷᠲᠠᠬᠤᠨ ᠢᠶᠠᠨ ᠬᠦᠨᠳᠦᠳᠬᠡᠬᠦ ᠦᠭᠡᠢ ᠪᠠᠶᠢᠬᠤ ᠶᠠᠪᠤᠳᠠᠯ ᠭᠡᠵᠦ ᠦᠵᠡᠳᠡᠭ ᠪᠣᠯᠬᠤᠷ ᠬᠠᠶᠢᠷ᠎ᠠ ᠨᠠᠶᠢᠷ ᠦᠭᠡᠢ ᠬᠠᠨᠳᠤᠳᠠᠭ ᠤᠨ ᠦᠨᠳᠦᠰᠦᠨ ᠰᠢᠯᠲᠠᠭᠠᠨ ᠨᠢ ᠡᠭᠦᠨ ᠳᠤ ᠪᠠᠶᠢᠬᠤ ᠶᠤᠮ᠃ ᠲᠡᠶᠢᠮᠦ ᠠᠴᠠ ᠪᠤᠷᠤᠭᠤᠳᠠᠭᠰᠠᠨ ᠪᠣᠯ ᠪᠤᠷᠤᠭᠤ ᠪᠠᠨ ᠮᠡᠳᠡᠷᠡᠵᠦ ᠣᠰᠣᠯ ᠢᠶᠠᠨ ᠬᠦᠯᠢᠶᠡᠨ᠂ ᠰᠢᠭᠦᠰᠦ ᠪᠠᠨ ᠵᠠᠰᠠᠵᠤ ᠲᠠᠯᠪᠢᠬᠤ ᠪᠤᠶᠤ ᠰᠣᠯᠢᠵᠤ ᠲᠠᠯᠪᠢᠬᠤ ᠠᠴᠠ ᠪᠢᠰᠢ ᠂ ᠪᠤᠷᠤᠭᠤ ᠪᠠᠨ ᠮᠡᠳᠡᠷᠡᠬᠦ ᠦᠭᠡᠢ ᠵᠥᠷᠢᠭᠦᠳ ᠢᠶᠠᠷ ᠠᠭᠠᠰᠢᠯᠠᠵᠤ ᠣᠭᠲᠣ ᠪᠣᠯᠬᠤ ᠦᠭᠡᠢ᠃      ᠰᠡᠭᠡᠷ᠂ ᠳᠠᠯᠤ ᠳᠥᠷᠪᠡᠨ ᠥᠨᠳᠥᠷ ᠪᠣᠯ ᠶᠡᠷᠦᠩᠬᠡᠢ ᠳᠡᠭᠡᠨ ᠠᠬᠠᠮᠠᠳ ᠲᠣᠮᠣᠭᠠᠲᠠᠨ᠂ ᠬᠦᠨᠳᠦᠲᠦ ᠬᠥᠮᠦᠰ ᠲᠤ ᠲᠠᠯᠪᠢᠳᠠᠭ ᠤᠭᠤᠴᠠᠨ ᠤ ᠳᠠᠷᠠᠭᠠᠬᠢ ᠬᠦᠨᠳᠦᠲᠦ ᠢᠳᠡᠭᠡᠨ ᠪᠣᠯᠬᠤ ᠶᠤᠮ ᠃ ᠬᠤᠷᠢᠮ ᠨᠠᠶᠢᠷ ᠳᠡᠭᠡᠷ᠎ᠡ ᠬᠦᠷᠭᠡᠨ ᠬᠡᠦᠬᠡᠨ ᠤ ᠨᠠᠭᠠᠴᠤ ᠳᠤ ᠵᠠᠪᠠᠯ ᠳᠠᠯᠤ ᠳᠥᠷᠪᠡᠨ ᠥᠨᠳᠥᠷ ᠲᠠᠯᠪᠢᠬᠤ ᠶᠣᠰᠣ ᠲᠠᠢ ᠪᠠᠶᠢᠳᠠᠭ᠃ ᠳᠠᠯᠤ ᠳᠥᠷᠪᠡᠨ ᠥᠨᠳᠥᠷ ᠢ ᠲᠠᠯᠪᠢᠬᠤ ᠳᠠᠭᠠᠨ ᠳᠠᠯᠤᠨ ᠤ ᠬᠠᠮᠠᠷ ᠢ ᠳᠡᠭᠡᠭᠰᠢ ᠬᠠᠨᠳᠤᠭᠤᠯᠵᠤ ᠮᠥᠭᠡᠷᠰᠦ ᠶᠢ ᠨᠢ ᠬᠢᠲᠤᠭ᠎ᠠ ᠪᠠᠷ ᠬᠥᠨᠳᠡᠵᠦ ᠬᠠᠪᠢᠷᠭᠠᠨ ᠤ ᠪᠤᠷ᠎ᠠ ᠪᠠᠷ ᠬᠤᠶᠠᠷ ᠲᠠᠯ᠎ᠠ ᠶᠢ ᠨᠢ ᠬᠠᠰᠢᠵᠤ ᠲᠠᠯᠪᠢᠬᠤ ᠶᠣᠰᠣᠲᠠᠢ ᠪᠢᠯᠡ᠃ ᠪᠤᠰᠤᠳ ᠮᠥᠴᠢ ᠶᠢ ᠪᠣᠯ ᠳᠠᠷᠠᠭᠠᠯᠠᠭᠤᠯᠤᠨ ᠵᠠᠰᠠᠵᠤ ᠲᠠᠯᠪᠢᠳᠠᠭ᠃ ᠭᠡᠬᠦ ᠳᠡᠭᠡᠨ ᠮᠥᠴᠢ ᠪᠦᠬᠦᠨ ᠤ ᠬᠤᠶᠠᠷ ᠲᠠᠯ᠎ᠠ ᠶᠢ ᠬᠠᠪᠢᠷᠭ᠎ᠠ ᠪᠠᠷ ᠬᠠᠰᠢᠭᠰᠠᠨ ᠪᠠᠶᠢᠬᠤ ᠬᠡᠷᠡᠭᠲᠡᠢ᠃ ᠮᠥᠴᠢ ᠪᠦᠬᠦᠨ ᠤ ᠳᠡᠭᠡᠷ᠎ᠡ ᠨᠢ ᠤᠭᠤᠴᠠᠨ ᠤ ᠬᠠᠶᠠᠳᠠᠰᠤ ᠶᠢ ᠪᠠᠭ᠎ᠠ ᠪᠠᠭ᠎ᠠ ᠵᠦᠰᠦᠭᠡᠳ ᠲᠦᠭᠡᠭᠡᠯ ᠪᠣᠯᠭᠠᠨ ᠲᠠᠯᠪᠢᠳᠠᠭ ᠪᠥᠭᠡᠳ ᠡᠭᠦᠨ ᠢ ᠬᠥᠮᠦᠨ ᠪᠦᠬᠦᠨ ᠠᠮᠰᠠᠬᠤ ᠶᠣᠰᠣᠲᠠᠢ ᠪᠢᠯᠡ᠃ ᠡᠨᠡ ᠨᠢ ᠳᠠᠷᠤᠢ ᠣᠯᠠᠨ ᠳᠠᠶᠠᠭᠠᠷ ᠢᠶᠠᠨ ᠤᠭᠤᠴᠠᠨ ᠳᠤ ᠰᠠᠭᠤᠭᠰᠠᠨ ᠲᠠᠢ ᠠᠳᠠᠯᠢ ᠬᠡᠮᠡᠨ ᠪᠣᠳᠣᠵᠤ ᠤᠭᠤᠴᠠᠨ ᠮᠢᠬ᠎ᠠ ᠶᠢ ᠬᠦᠷᠲᠡᠵᠦ ᠪᠠᠶᠢᠭ᠎ᠠ ᠶᠠᠪᠤᠳᠠᠯ ᠪᠣᠯᠬᠤ ᠶᠤᠮ᠃ ᠰᠢᠭᠦᠰᠦ ᠡᠪᠳᠡᠭᠴᠢ ᠨᠢ ᠮᠥᠴᠢ ᠪᠠᠨ ᠪᠦᠭᠦᠳᠡ ᠶᠢ ᠲᠦᠭᠡᠭᠡᠵᠦ ᠲᠠᠯᠪᠢᠭᠰᠠᠨ ᠤ ᠳᠠᠷᠠᠭ᠎ᠠ᠄ ︽ᠳᠠᠶᠠᠭᠠᠷ ᠰᠢᠭᠦᠰᠦ ᠵᠣᠭᠤᠭᠯᠠᠭᠠᠷᠠᠢ︕︾ ᠭᠡᠳ ᠣᠯᠠᠨ ᠳᠠᠶᠠᠭᠠᠷ ᠲᠤ ᠨᠢᠭᠡ ᠰᠥᠬᠦᠷᠡᠪᠡᠯ ᠪᠦᠭᠦᠳᠡᠭᠡᠷ ᠢᠶᠠᠨ ᠭᠠᠷ ᠬᠥᠳᠡᠯᠦᠨ ᠰᠢᠭᠦᠰᠦ ᠵᠣᠭᠤᠭᠯᠠᠵᠠᠭᠠᠳᠠᠭ᠃ ᠰᠢᠭᠦᠰᠦᠨ  ᠤ ᠳᠠᠷᠠᠭ᠎ᠠ  ᠨᠢ ᠰᠢᠭᠦᠰᠦ ᠴᠢᠨᠠᠭᠰᠠᠨ ᠱᠥᠯᠥᠨ ᠳᠤᠨᠢ ᠲᠠᠲᠠᠰᠢ ᠭᠡᠵᠦ ᠰᠢᠩᠭᠡᠨ ᠪᠤᠳᠠᠭ᠎ᠠ ᠴᠢᠨᠠᠭᠠᠳ ᠠᠶᠢᠷᠠᠭ ᠰᠠᠮᠤᠷᠴᠤ ᠠᠶᠠᠭᠠᠯᠠᠳᠠᠭ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ