ᠬᠥᠳᠡᠭᠡ ᠶᠢᠨ ᠡᠪᠦᠯ
ᠨᠡᠶᠢᠲᠡᠯᠡᠭᠰᠡᠨ ᠴᠠᠭ᠄
2024/3/15
ᠪᠤ· ᠬᠠᠰᠪᠠᠭᠠᠲᠤᠷ ᠬᠥᠷᠥᠰᠥᠲᠦ ᠳᠡᠯᠡᠬᠡᠢ ᠨᠢ ᠮᠥᠩᠭᠦᠨ ᠬᠤᠴᠢᠯᠭ᠎ᠠ ᠲᠠᠢᠬᠦᠳᠡᠩ ᠲᠠᠢ ᠰᠢᠭᠤᠢ ᠨᠢ ᠴᠠᠰᠤᠨ ᠮᠠᠯᠠᠭᠠᠢ ᠲᠠᠢᠬᠦᠢᠲᠡᠨ ᠠᠮᠢᠰᠬᠤᠯ ᠨᠢ ᠴᠡᠪᠡᠷ ᠠᠷᠢᠭᠤᠰᠬᠠᠯ ᠲᠠᠢᠬᠥᠳᠡᠭᠡ ᠶᠢᠨ ᠡᠪᠦᠯ ᠡᠶᠢᠮᠦ ᠯᠡ ᠰᠠᠶᠢᠬᠠᠨ ᠡ ᠥᠷᠯᠥᠭᠡ ᠶᠢᠨ ᠨᠠᠷᠠ ᠨᠢ ᠲᠥᠯ ᠤᠨ ᠳᠠᠭᠤ ᠲᠠᠢᠦᠳᠡᠰᠢ ᠶᠢᠨ ᠰᠠᠷᠠ ᠨᠢ ᠠᠳᠤᠭᠤᠨ ᠤ ᠲᠤᠷᠭᠢᠶ᠎ᠠ ᠲᠠᠢᠣᠳᠣᠲᠠᠢ ᠲᠡᠭᠷᠢ ᠨᠢ ᠬᠤᠲᠠᠴᠢ ᠶᠢᠨ ᠮᠠᠨᠠᠭ᠎ᠠ ᠲᠠᠢᠬᠥᠳᠡᠭᠡ ᠶᠢᠨ ᠡᠪᠦᠯ ᠲᠡᠶᠢᠮᠦ ᠯᠡ ᠭᠤᠶᠣᠬᠠᠨ ᠡ ᠬᠦᠯᠦᠭ ᠤᠨ ᠳᠡᠯ ᠨᠢ ᠴᠠᠩ ᠬᠦᠦᠷᠭᠡ ᠲᠠᠢᠬᠦᠷᠡᠩ ᠲᠡᠮᠡᠭᠡᠳ ᠨᠢ ᠮᠥᠰᠥᠨ ᠪᠤᠶᠢᠯᠠ ᠲᠠᠢᠬᠥᠷᠥᠩᠭᠡ ᠬᠤᠭᠰᠢᠯ ᠨᠢ ᠬᠠᠯᠠᠭᠤᠨ ᠬᠤᠰᠢᠭᠤ ᠲᠠᠢᠬᠥᠳᠡᠭᠡ ᠶᠢᠨ ᠡᠪᠦᠯ ᠡᠶᠢᠮᠦ ᠯᠡ ᠰᠠᠶᠢᠬᠠᠨ ᠡ ᠮᠥᠰᠥ ᠴᠠᠰᠤᠨ ᠤ ᠪᠠᠶᠠᠷ ᠨᠠᠭᠠᠳᠤᠮ ᠲᠠᠢᠮᠥᠩᠭᠦᠨ ᠡᠪᠦᠯ ᠤᠨ ᠪᠥᠬᠡ ᠶᠢᠨ ᠨᠠᠶᠢᠷ ᠲᠠᠢᠮᠥᠷᠥᠶᠢᠴᠡᠭᠡᠨ ᠲᠡᠮᠡᠴᠡᠭᠡᠨ ᠤ ᠤᠤᠬᠠᠢ ᠶᠢᠨ ᠳᠠᠭᠤ ᠲᠠᠢᠬᠥᠳᠡᠭᠡ ᠶᠢᠨ ᠡᠪᠦᠯ ᠲᠡᠶᠢᠮᠦ ᠯᠡ ᠭᠤᠶᠣᠬᠠᠨ ᠡ ᠬᠥᠭᠵᠢᠭᠰᠡᠨ ᠲᠤᠯᠭ᠎ᠠ ᠨᠢ ᠭᠠᠯ ᠤᠨ ᠰᠣᠷ ᠲᠠᠢᠬᠥᠯᠲᠥᠷᠭᠡ ᠲᠠᠢ ᠭᠡᠷ ᠨᠢ ᠳᠤᠯᠠᠭᠠᠨ ᠠᠮᠢᠰᠬᠤᠯ ᠲᠠᠢᠬᠥᠳᠥᠰᠥᠨ ᠳᠡᠪᠡᠯ ᠨᠢ ᠬᠠᠯᠠᠭᠤᠨ ᠢᠯᠴᠢ ᠲᠠᠢᠬᠥᠳᠡᠭᠡ ᠶᠢᠨ ᠡᠪᠦᠯ ᠡᠶᠢᠮᠦ ᠯᠡ ᠰᠠᠶᠢᠬᠠᠨ ᠡ ᠬᠥᠬᠡ ᠡᠪᠦᠭᠡᠳ ᠨᠢ ᠬᠠᠭᠤᠴᠢ ᠵᠣᠭᠤᠭ ᠲᠠᠢᠬᠥᠪᠡᠭᠦᠳ ᠪᠡᠷᠢᠶᠡᠳ ᠨᠢ ᠬᠥᠷ ᠢᠨᠢᠶᠡᠳᠦ ᠲᠠᠢᠬᠥᠭᠵᠢᠯ ᠬᠤᠷᠤᠶᠢᠯᠠᠭᠰᠠᠨ ᠠᠮᠢᠳᠤᠷᠠᠯ ᠨᠢ ᠥᠭᠡᠳᠡ ᠲᠠᠢᠬᠥᠳᠡᠭᠡ ᠶᠢᠨ ᠡᠪᠦᠯ ᠲᠡᠶᠢᠮᠦ ᠯᠡ ᠭᠤᠶᠣᠬᠠᠨ ᠡ ᠨᠠᠮ ᠲᠥᠷᠥ ᠨᠢ ᠰᠣᠳᠣᠨ ᠪᠣᠳᠣᠯᠭ᠎ᠠ ᠲᠠᠢᠨᠠᠷᠮᠠᠢ ᠲᠦᠮᠡᠨ ᠨᠢ ᠪᠠᠶᠠᠷ ᠵᠢᠷᠭᠠᠯ ᠲᠠᠢᠨᠠᠶᠢᠷ ᠪᠠᠶᠠᠷ ᠤᠨ ᠳᠠᠭᠤᠤ ᠬᠤᠭᠤᠷ ᠲᠠᠢ ᠬᠥᠳᠡᠭᠡ ᠶᠢᠨ ᠡᠪᠦᠯ ᠡᠶᠢᠮᠦ ᠯᠡ ᠰᠠᠶᠢᠬᠠᠨ ᠡ ᠰᠠᠷ᠎ᠠ ᠰᠢᠨ᠎ᠡ ᠳᠡᠭᠡᠨ ᠰᠠᠮᠪᠠᠢ ᠬᠠᠳᠠᠭ ᠲᠠᠢᠰᠠᠷᠬᠤᠳ ᠤᠨ ᠳᠡᠭᠡᠵᠢ ᠰᠠᠭᠠᠯᠢ ᠶᠢᠨ ᠠᠷᠢᠬᠢ ᠲᠠᠢᠰᠠᠶᠢᠨ ᠤ ᠢᠷᠥᠭᠡᠯ ᠮᠥᠩᠬᠡ ᠶᠢᠨ ᠪᠡᠯᠭᠡ ᠲᠠᠢᠬᠥᠳᠡᠭᠡ ᠶᠢᠨ ᠡᠪᠦᠯ ᠲᠡᠶᠢᠮᠦ ᠯᠡ ᠭᠤᠶᠣᠬᠠᠨ ᠡ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ