︽ᠤᠮᠠᠷᠠᠲᠤ ᠶᠢᠨ ᠭᠤᠷᠪᠠᠨ ᠣᠷᠣᠨ︾᠎ ᠤ ᠢᠨᠵᠧᠨᠧᠷᠢᠩ ᠤᠨ ᠬᠠᠲᠤᠨ ᠭᠤᠣᠯ ᠤᠨ ︽ᠲᠣᠬᠤᠢ︾᠎ ᠶᠢᠨ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠰᠠᠶᠢᠲᠤᠷ ᠬᠢᠶ᠎ᠡ —  ᠯᠢᠨ ᠾᠧ ᠲᠣᠭᠤᠷᠢᠭ᠄ ᠡᠯᠡᠰᠦᠷᠬᠡᠭᠵᠢᠯ ᠢ ᠵᠠᠰᠠᠵᠤ ᠣᠶᠢᠵᠢᠭᠤᠯᠤᠨ ᠪᠣᠬᠢᠷᠲᠤᠯ ᠦᠭᠡᠢ ᠭᠡᠷ ᠣᠷᠣᠨ ᠢ ᠬᠠᠮᠲᠤ ᠪᠠᠷ ᠪᠦᠲᠦᠭᠡᠨ ᠪᠠᠶᠢᠭᠤᠯᠤᠨ᠎ᠠ
ᠨᠡᠶᠢᠲᠡᠯᠡᠭᠰᠡᠨ ᠴᠠᠭ᠄
2024/4/11
      ᠯᠢᠨ ᠾᠧ ᠲᠤᠭᠤᠷᠢᠭ ᠤᠢ ᠰᠢᠭᠤᠢ ᠡᠪᠡᠰᠦᠨ ᠤ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢ ᠦᠷᠭᠦᠯᠵᠢᠯᠡᠨ ᠠᠬᠢᠭᠤᠯᠵᠤ᠂ ᠬᠠᠳᠤᠨ ᠭᠤᠣᠯ ᠤᠨ ︽ᠲᠤᠬᠤᠢ︾᠎ ᠶᠢᠨ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠡᠷᠡᠰ ᠰᠠᠶᠢᠲᠤᠷ ᠬᠢᠵᠦ᠂ ᠡᠬᠡ ᠤᠯᠤᠰ ᠤᠨ ᠤᠮᠠᠷᠠᠲᠤ ᠶᠢᠨ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠳᠠᠰᠤᠷᠠᠯᠳᠠ ᠦᠭᠡᠢ ᠪᠠᠬᠢᠵᠢᠬᠦᠯᠵᠤ ᠪᠠᠶᠢᠨ᠎ᠠ᠃      ᠰᠤᠷᠪᠤᠯᠵᠢᠯᠠᠭᠴᠢ ᠤᠯᠤᠰ ᠤᠨ ᠡᠵᠡᠩᠨᠡᠯᠳᠡ ᠶᠢᠨ ᠰᠢᠨ ᠬᠤᠸᠠ ᠣᠶ ᠰᠢᠭᠤᠢ ᠶᠢᠨ ᠲᠠᠯᠠᠪᠠᠶ ᠶᠢᠨ 22 ᠠᠵᠢᠯᠯᠠᠬᠤ ᠲᠣᠭᠤᠷᠢᠭ ᠤᠨ ᠨᠢᠭᠡ ᠪᠣᠯᠬᠤ ᠯᠦᠩ ᠴᠢᠶᠠᠩ ᠡᠯᠡᠰᠦᠨ ᠬᠤᠩᠭᠤᠷ ᠲᠠ ᠬᠦᠷᠬᠦ ᠳᠤ᠂ ᠠᠵᠢᠯᠲᠠᠳ ᠶᠠᠭ ᠵᠠᠭ ᠤᠨ ᠵᠤᠯᠵᠠᠭ᠎ᠠ ᠮᠤᠳᠤ  ᠲᠠᠷᠢᠵᠤ ᠶᠠᠭᠠᠷᠠᠯᠳᠤᠨ᠎ᠠ᠂ ᠡᠬᠦᠨ ᠭᠠᠳᠠᠨ᠎ᠠ ᠪᠠᠰᠠ ᠲᠤᠮᠤ ᠲᠤᠮᠤ ᠮᠠᠰᠢᠨ ᠮᠧᠬᠠᠨᠢᠭ ᠨᠠᠭᠠᠰᠢ ᠴᠠᠭᠠᠰᠢ ᠰᠦᠯᠵᠢᠯᠳᠦᠨ ᠲᠦᠷᠦᠯ ᠵᠦᠢᠯ ᠤᠨ ᠢᠵᠢ ᠪᠦᠷᠢᠳᠦᠭᠦᠯᠬᠦ ᠢᠨᠵᠧᠨᠧᠷᠢᠩ ᠢ ᠬᠢᠵᠦ ᠪᠠᠶᠢᠯ᠎ᠠ᠃ ᠡᠨᠡᠬᠦ ᠲᠦᠷᠦᠯ ᠵᠦᠢᠯ ᠪᠣᠯ ᠤᠯᠤᠰ ᠤᠨ ᠡᠵᠡᠩᠨᠡᠯᠳᠡ ᠶᠢᠨ ᠰᠢᠨ ᠬᠤᠸᠠ ᠤᠢ ᠰᠢᠭᠤᠢ ᠶᠢᠨ ᠲᠠᠯᠠᠪᠠᠢ ᠶᠢᠨ ᠡᠯᠡᠰᠦᠷᠬᠡᠭᠵᠢᠯ ᠢ ᠰᠡᠷᠭᠡᠶᠢᠯᠡᠵᠦ ᠡᠯᠡᠰᠦ ᠶᠢ ᠵᠠᠰᠠᠬᠤ ᠰᠡᠳᠬᠢᠴᠡ ᠪᠠᠨ ᠬᠤᠪᠢᠷᠠᠭᠤᠯᠵᠤ ᠣᠷᠣᠭᠤᠯᠤᠨ ᠠᠪᠴᠢᠷᠠᠭᠰᠠᠨ ᠳ᠋ᠠ ᠵᠦᠩ ᠮᠠᠰᠢᠨ ᠲᠡᠷᠭᠡᠨ ᠤ ᠪᠦᠯᠦᠭᠯᠡᠯ ︵ᠳᠤᠮᠳᠠᠳᠤ ᠤᠯᠤᠰ︶᠎ ᠤᠨ ᠨᠡᠶᠢᠲᠡ ᠶᠢᠨ ᠠᠰᠠᠷᠠᠮᠵᠢ ᠶᠢᠨ ᠤᠢ ᠶᠢᠨ ᠲᠦᠷᠦᠯ ᠵᠦᠢᠯ ᠤᠨ ︽ᠨᠣᠭᠤᠭᠠᠨ ᠪᠦᠰᠡ ᠶᠢᠨ ᠠᠵᠢᠯᠯᠠᠭ᠎ᠠ︾ ᠪᠣᠯᠣᠨ᠎ᠠ᠂ ᠡᠨᠡ ᠨᠢ ᠮᠥᠨᠴᠦ ᠪᠦᠬᠦ ᠨᠡᠶᠢᠭᠡᠮ ᠤᠨ ᠬᠦᠴᠦᠨ ᠢ ᠲᠠᠶᠢᠴᠢᠯᠠᠨ ᠬᠠᠮᠲᠤᠪᠠᠷ ᠣᠷᠣᠯᠴᠠᠭᠤᠯᠵᠤ᠂ ᠠᠮᠢᠵᠢᠷᠠᠯ ᠤᠨ ᠬᠦᠴᠦᠨ ᠢᠶᠠᠷ ᠪᠢᠯᠬᠠᠮ᠎ᠠ ᠡᠯᠡᠰᠦᠷᠬᠡᠭᠵᠢᠯ ᠢ ᠰᠡᠷᠭᠡᠶᠢᠯᠡᠵᠦ ᠡᠯᠡᠰᠦ ᠶᠢ ᠵᠠᠰᠠᠬᠤ ᠠᠮᠢᠳᠤᠯᠢᠭ ᠵᠢᠷᠤᠭᠯᠠᠯ ᠪᠣᠯᠣᠨ᠎ᠠ᠃       ᠨᠡᠶᠢᠲᠡ ᠶᠢᠨ ᠠᠰᠠᠷᠠᠮᠵᠢ ᠶᠢᠨ ᠣᠶ ᠶᠢᠨ ︽ᠨᠣᠭᠤᠭᠠᠨ ᠪᠦᠰᠡ ᠶᠢᠨ ᠠᠵᠢᠯᠯᠠᠭ᠎ᠠ︾ ᠲᠥᠷᠥᠯ ᠵᠦᠢᠯ ᠨᠢ ᠰᠢᠨ ᠬᠤᠸᠠ ᠣᠶ ᠰᠢᠭᠤᠢ ᠶᠢᠨ ᠲᠠᠯᠠᠪᠠᠶ ᠳᠤ 6000 ᠮᠦ ᠡᠯᠡᠰᠦᠷᠬᠡᠭ ᠭᠠᠵᠠᠷ ᠤᠨ ᠪᠣᠳᠠ ᠮᠣᠳᠣ ᠶᠢ ᠣᠶᠢᠵᠢᠭᠤᠯᠬᠤ ᠡᠭᠦᠷᠭᠡ ᠶᠢ ᠪᠡᠶᠡᠯᠡᠭᠦᠯᠵᠦ᠂ ᠭᠤᠣᠯᠳᠠᠭᠤ ᠡᠯᠡᠰᠦᠨ ᠬᠤᠩᠬᠤᠷ ᠤᠨ ᠡᠷᠬᠢᠨ ᠲᠣᠭᠤᠷᠢᠨ ᠳᠤ ᠭᠠᠩ ᠢ ᠡᠰᠡᠷᠭᠦᠴᠡᠬᠦ ᠵᠠᠭ᠂ ᠤᠯᠢᠶᠠᠰᠤ ᠵᠡᠷᠭᠡ ᠪᠣᠳᠠ ᠮᠣᠳᠣ ᠶᠢ ᠵᠠᠶᠢᠯᠠᠵᠤ᠂ ᠡᠯᠡᠰᠦ ᠮᠠᠩᠬᠠᠨ ᠤ ᠰᠢᠯᠵᠢᠬᠦ ᠪᠠ ᠥᠷᠭᠡᠳᠬᠦ ᠶᠢ ᠰᠡᠷᠭᠡᠶᠢᠯᠡᠨ᠂ ᠠᠮᠢ ᠠᠬᠤᠢ ᠶᠢᠨ ᠣᠷᠴᠢᠨ ᠲᠣᠭᠤᠷᠢᠨ ᠢ  ᠰᠠᠶᠢᠵᠢᠷᠠᠭᠤᠯᠬᠤ ᠪᠤᠯᠤᠨ᠎ᠠ᠃ ᠣᠳᠣᠬᠠᠨ ᠳᠤ᠂ ᠣᠶᠢᠵᠢᠭᠤᠯᠬᠤ ᠠᠴᠠ ᠡᠮᠦᠨᠡᠬᠢ ᠬᠤᠭᠤᠴᠠᠭᠠᠨ ᠤ ᠭᠠᠵᠠᠷ ᠲᠡᠭᠰᠢᠯᠡᠬᠦ᠂ ᠤᠰᠤ ᠬᠠᠩᠭᠠᠬᠤ ᠬᠤᠭᠤᠯᠠᠢ ᠳᠡᠪᠢᠰᠬᠦ ᠵᠡᠷᠭᠡ ᠠᠵᠢᠯ ᠤᠨ 70%᠎ ᠶᠢ ᠨᠢᠭᠡᠨᠲᠡ ᠪᠡᠶᠡᠯᠡᠭᠦᠯᠵᠡᠢ᠃       ︽ᠨᠣᠭᠤᠭᠠᠨ ᠪᠦᠰᠡ ᠶᠢᠨ ᠠᠵᠢᠯᠯᠠᠭ᠎ᠠ︾ ᠪᠠᠶᠠᠨᠨᠠᠭᠤᠷ ᠤᠨ ᠯᠢᠨ ᠾᠧ ᠲᠣᠭᠤᠷᠢᠭ ᠤᠨ ᠲᠦᠷᠦᠯ ᠵᠦᠢᠯ ᠤᠨ ᠬᠠᠷᠢᠭᠤᠴᠠᠯᠭᠠᠲᠠᠨ ᠳ᠋ᠦᠩ ᠱᠢ ᠺᠠᠢ ᠶᠢᠨ ᠬᠡᠯᠡᠬᠦ ᠪᠠᠷ᠂ ᠡᠨᠡᠬᠦ ᠲᠦᠷᠦᠯ ᠵᠦᠢᠯ ᠢ ᠬᠡᠷᠡᠭᠵᠢᠭᠦᠯᠬᠦ ᠪᠠᠷ ᠳᠠᠮᠵᠢᠨ ᠰᠠᠯᠬᠢᠨ ᠢ ᠬᠠᠯᠬᠠᠯᠠᠨ ᠡᠯᠡᠰᠦ ᠶᠢ  ᠲᠤᠭᠳᠠᠪᠤᠷᠢᠵᠢᠭᠤᠯᠵᠤ᠂ ᠰᠠᠯᠬᠢᠨ ᠤ ᠬᠤᠷᠳᠤᠴᠠ ᠶᠢ ᠪᠠᠭᠠᠰᠬᠠᠨ᠂ ᠲᠤᠭᠤᠰᠤ ᠳᠡᠭᠳᠡᠬᠦ ᠶᠢ ᠪᠠᠭᠠᠰᠬᠠᠵᠤ᠂ ᠡᠯᠡᠰᠦᠨ ᠰᠢᠭᠤᠷᠭ᠎ᠠ ᠶᠢᠨ ᠲᠤᠬᠠᠢ ᠶᠢᠨ ᠭᠠᠵᠠᠷ ᠲᠤ ᠤᠴᠠᠷᠠᠭᠤᠯᠬᠤ ᠬᠤᠣᠷ ᠬᠥᠨᠥᠭᠡᠯ ᠢ ᠪᠠᠭᠠᠰᠬᠠᠨ᠂ ᠡᠯᠡᠰᠦᠷᠬᠡᠭ ᠣᠷᠣᠨ ᠤ ᠠᠮᠢ ᠠᠬᠤᠢ ᠶᠢᠨ ᠣᠷᠴᠢᠨ ᠲᠣᠭᠤᠷᠢᠨ ᠤ ᠥᠪᠡᠷ ᠢ ᠪᠠᠨ ᠰᠡᠷᠭᠦᠭᠡᠬᠦ ᠴᠢᠳᠠᠪᠤᠷᠢ ᠶᠢ ᠳᠡᠭᠡᠭᠰᠢᠯᠡᠭᠦᠯᠵᠦ ᠪᠣᠯᠣᠨ᠎ᠠ᠃ ᠡᠨᠡ ᠲᠥᠰᠥᠯ ᠢ ᠬᠡᠷᠡᠭᠵᠢᠭᠦᠯᠦᠭᠰᠡᠨ ᠤ ᠳᠠᠷᠠᠭ᠎ᠠ ᠵᠠᠭ᠂ ᠴᠠᠭᠠᠨ ᠭᠤᠶᠣᠣ ᠲᠠᠷᠢᠬᠤ ᠪᠠᠷ ᠲᠠᠮᠢᠷᠵᠢᠭᠤᠯᠤᠨ ᠪᠢᠳᠡᠨ ᠤ ᠠᠵᠤ ᠠᠬᠤᠢ ᠶᠢᠨ ᠦᠷ᠎ᠡ ᠠᠰᠢᠭ ᠢ ᠳᠡᠭᠡᠭᠰᠢᠯᠡᠭᠦᠯᠵᠦ ᠪᠣᠯᠣᠨ᠎ᠠ  ᠭᠡᠵᠤ ᠪᠠᠶᠢᠯ᠎ᠠ᠃      2024 ᠣᠨ ᠳᠤ᠂ ᠯᠢᠨ ᠾᠧ ᠲᠣᠭᠤᠷᠢᠭ ᠬᠠᠲᠤᠨ ᠭᠤᠣᠯ ᠤᠨ ︽ᠲᠤᠬᠤᠢ︾᠎ ᠶᠢᠨ ᠪᠣᠭᠤᠮᠲᠠ ᠰᠢᠪᠲᠤᠯᠬᠤ ᠳᠠᠶᠢᠯᠠᠯᠳᠤᠭᠠᠨ ᠪᠠ ︽ᠲᠤᠬᠤᠢ︾᠎ ᠶᠢᠨ ᠳᠣᠲᠣᠷᠠᠬᠢ ᠬᠡᠰᠡᠭ ᠪᠤᠰᠠᠭ ᠡᠯᠡᠰᠦᠷᠬᠡᠭ ᠭᠠᠵᠠᠷ ᠢ ᠵᠠᠰᠠᠨ ᠦᠬᠡᠷᠡᠴᠢᠯᠡᠬᠦ ᠲᠠᠶᠢᠯᠠᠯᠳᠤᠭᠠᠨ᠂ ᠭᠤᠣᠯᠳᠠᠯᠭ᠎ᠠ ᠲᠠᠢ ᠵᠠᠮ ᠱᠤᠭᠤᠮ᠂ ᠭᠤᠣᠯᠳᠠᠯᠭ᠎ᠠ ᠲᠠᠢ ᠣᠷᠣᠨ ᠪᠦᠰᠡ ᠶᠢᠨ ᠨᠣᠭᠤᠭᠠᠷᠠᠭᠤᠯᠤᠯᠲᠠ ᠶᠢᠨ ᠡᠭᠦᠷᠭᠡ᠂ ᠲᠠᠷᠢᠶᠠᠨ ᠭᠠᠵᠠᠷ ᠤᠨ ᠬᠠᠯᠬᠠᠪᠴᠢ ᠣᠶ ᠶᠢᠨ ᠪᠦᠲᠦᠭᠡᠨ ᠪᠠᠶᠢᠭᠤᠯᠤᠯᠲᠠ ᠶᠢᠨ ᠡᠭᠦᠷᠭᠡ ᠵᠡᠷᠭᠡ ᠠᠵᠢᠯ ᠤᠨ ᠲᠣᠭᠤᠷᠢᠨ ᠳᠤ 1100 ᠮᠦ ᠬᠥᠮᠥᠨ ᠤ ᠬᠦᠴᠦ ᠪᠠᠷ ᠤᠶᠢᠵᠢᠭᠤᠯᠤᠨ᠂ 1500 ᠮᠦ ᠬᠥᠮᠥᠨ ᠤ ᠬᠦᠴᠦ ᠪᠠᠷ ᠡᠪᠡᠰᠦ ᠲᠠᠷᠢᠵᠤ᠂ 3500 ᠮᠦ ᠲᠠᠴᠢᠷᠳᠠᠭᠰᠠᠨ ᠣᠶ ᠶᠢ ᠵᠠᠰᠠᠨ ᠰᠡᠷᠬᠦᠬᠡᠵᠤ᠂ 63000 ᠮᠦ ᠨᠢᠯᠬ᠎ᠠ ᠮᠣᠳᠣ ᠶᠢ ᠠᠷᠠᠴᠢᠯᠠᠨ ᠪᠤᠶᠢᠵᠢᠭᠤᠯᠵᠤ᠂ 200 ᠮᠦ ᠲᠠᠴᠢᠷᠳᠠᠭᠰᠠᠨ ᠨᠤᠭᠤ ᠭᠠᠵᠠᠷ ᠢ ᠵᠠᠰᠠᠨ ᠰᠡᠷᠭᠦᠭᠡᠬᠦ ᠪᠠᠷ ᠲᠥᠯᠥᠪᠯᠡᠵᠦ ᠪᠣᠶ᠃       ᠪᠠᠶᠠᠨᠨᠠᠭᠤᠷ ᠬᠤᠲᠠ ᠶᠢᠨ ᠣᠶ ᠰᠢᠭᠤᠢ ᠪᠠ ᠨᠤᠲᠤᠭ ᠪᠡᠯᠴᠢᠭᠡᠷ ᠤᠨ ᠲᠤᠪᠴᠢᠶᠠᠨ ᠤ ᠯᠢᠨ ᠾᠧ ᠲᠣᠭᠤᠷᠢᠭ ᠤᠨ ᠬᠤᠪᠢᠶᠠᠷᠢ ᠲᠣᠪᠴᠢᠶ᠎ᠠ ᠶᠢᠨ ᠣᠶ ᠰᠢᠭᠤᠢ ᠶᠢᠨ ᠠᠵᠢᠯ ᠤᠨ ᠦᠷᠳᠡᠬᠡᠨ ᠤ ᠳᠠᠷᠤᠭ᠎ᠠ ᠵᠣᠣ ᠵᠧᠨ ᠬᠡᠯᠡᠬᠦ ᠳᠡᠭᠡᠨ᠂ 2024᠂ 2025 ᠣᠨ ᠤ ᠬᠤᠶᠠᠷ ᠵᠢᠯ ᠤᠨ ᠬᠤᠭᠤᠴᠠᠭ᠎ᠠ ᠶᠢ ᠠᠰᠢᠭᠯᠠᠨ᠂ ᠯᠢᠨ ᠾᠧ ᠲᠣᠭᠤᠷᠢᠭ ᠤᠨ ᠪᠣᠶ ᠪᠦᠬᠦᠢ ᠡᠯᠡᠰᠦᠨ ᠲᠣᠪᠤ ᠶᠢ ᠵᠠᠰᠠᠨ ᠦᠬᠡᠷᠡᠴᠢᠯᠡᠬᠦ ᠢᠨᠵᠧᠨᠧᠷᠢᠩ ᠢ ᠪᠡᠶᠡᠯᠡᠬᠦᠯᠬᠦ ᠪᠠᠷ ᠲᠦᠯᠦᠪᠯᠡᠵᠤ ᠪᠠᠶᠢᠨ᠎ᠠ᠂ ᠣᠲᠣ ᠯᠢᠨ ᠾᠧ ᠲᠣᠭᠤᠷᠢᠭ ᠤᠨ ᠬᠡᠰᠡᠭ ᠪᠤᠰᠠᠭ ᠡᠯᠡᠰᠦᠨ ᠲᠣᠪᠤ ᠨᠡᠶᠢᠲᠡ 1.65 ᠲᠦᠮᠡᠨ ᠮᠦ ᠪᠠᠶᠢᠵᠤ᠂ 2024 ᠣᠨ ᠳᠤ ᠪᠢᠳᠡ 1.15 ᠲᠦᠮᠡᠨ ᠮᠦ ᠶᠢ ᠪᠡᠶᠡᠯᠡᠭᠦᠯᠬᠦ ᠪᠠᠷ ᠲᠥᠯᠥᠪᠯᠡᠵᠦ᠂ ᠦᠯᠡᠳᠡᠭᠰᠡᠨ 1000 ᠮᠦ ᠶᠢ 2025 ᠣᠨ ᠳᠤ ᠪᠦᠬᠦᠨ ᠢ ᠪᠡᠶᠡᠯᠡᠭᠦᠯᠦᠨ᠎ᠡ ᠭᠡᠵᠤ ᠪᠠᠶᠢᠯ᠎ᠠ᠃   
ᠢᠷᠡᠯᠲᠡ᠄ ᠪᠠᠶᠠᠨᠨᠠᠭᠤᠷ ᠤᠨ ᠮᠣᠩᠭᠤᠯ ᠷᠠᠳᠢᠣ᠋ ᠲᠧᠯᠸᠢᠰ