ᠥᠪᠥᠷ ᠮᠣᠩᠭᠤᠯ ᠤᠨ ᠠᠩᠬᠠᠳᠠᠭᠴᠢ ᠰᠦᠯᠵᠢᠶᠡᠨ ᠳᠤ ᠬᠤᠯᠪᠣᠭᠳᠠᠭᠰᠠᠨ ᠬᠠᠷᠭᠢᠰ ᠬᠦᠴᠦᠨ ᠤ ᠶᠠᠯᠠᠲᠤ ᠬᠡᠷᠡᠭ ᠤᠨ ᠲᠠᠰᠤᠯᠤᠯᠲᠠ ᠶᠢ ᠵᠡᠭᠦᠨᠭᠠᠷ | ᠬᠤᠰᠢᠭᠤᠨ ᠳᠤ ᠵᠠᠷᠯᠠᠪᠠ | 4 ᠰᠠᠷ᠎ᠠ ᠶᠢᠨ 19 ᠤ ᠡᠳᠦᠷ᠂ ᠥᠪᠥᠷ ᠮᠣᠩᠭᠤᠯ ᠤᠨ ᠣᠷᠳᠣᠰ ᠬᠤᠲᠠ ᠶᠢᠨ ᠵᠡᠭᠦᠨᠭᠠᠷ ᠬᠤᠰᠢᠭᠤᠨ ᠤ ᠠᠷᠠᠳ ᠤᠨ ᠰᠢᠭᠦᠬᠦ ᠬᠤᠷᠢᠶ᠎ᠠ ᠣᠶᠢᠷ᠎ᠠ ᠶᠢᠨ | ᠬᠤᠭᠤᠴᠠᠭᠠᠨ ᠳᠤ ᠰᠢᠭᠦᠭᠰᠡᠨ ᠰᠦᠯᠵᠢᠶᠡᠨ ᠳᠤ ᠬᠤᠯᠪᠣᠭᠳᠠᠭᠰᠠᠨ ᠨᠢᠭᠡ ᠤᠳᠠᠭᠠᠨ ᠤ ᠬᠠᠷᠭᠢᠰ ᠬᠦᠴᠦᠨ ᠤ ᠬᠡᠷᠡᠭ ᠤᠨ ᠲᠠᠰᠤᠯᠤᠯᠲᠠ ᠶᠢ ᠢᠯᠡ ᠪᠠᠷ ᠵᠠᠷᠯᠠᠵᠤ᠂ | 13 ᠵᠠᠭᠠᠯᠳᠤᠭᠳᠠᠭᠴᠢ ᠶᠢ ᠬᠢᠬᠠᠭᠰᠠᠨ ᠶᠠᠯ᠎ᠠ᠂ ᠠᠯᠪᠠᠲᠠᠨ ᠠᠷᠠᠯᠵᠢᠶᠠᠯᠠᠭᠰᠠᠨ ᠶᠠᠯ᠎ᠠ᠂ ᠬᠠᠤᠯᠢ ᠪᠤᠰᠤ ᠪᠠᠷ ᠡᠵᠡᠩᠨᠡᠭᠰᠡᠨ ᠶᠠᠯ᠎ᠠ᠂ ᠭᠡᠷᠡᠴᠢᠯᠡᠬᠦ ᠶᠢ ᠬᠠᠷᠰᠢᠯᠠᠭᠰᠠᠨ | ᠶᠠᠯ᠎ᠠ ᠬᠢᠭᠰᠡᠨ ᠢᠶᠠᠷ ᠲᠣᠰ ᠲᠣᠰ 10 ᠵᠢᠯ ᠤᠨ 6 ᠰᠠᠷ᠎ᠠ ᠠᠴᠠ 11 ᠰᠠᠷ᠎ᠠ ᠶᠢᠨ ᠬᠤᠭᠤᠴᠠᠭ᠎ᠠ ᠲᠠᠢ ᠬᠤᠷᠢᠬᠤ ᠪᠠᠷ ᠬᠠᠤᠯᠢ ᠶᠣᠰᠣᠭᠠᠷ ᠰᠢᠢᠳᠬᠡᠵᠦ᠂ | ᠠᠷᠠᠳ ᠤᠨ ᠵᠣᠭᠤᠰ ᠢᠶᠠᠷ 24.19 ᠲᠦᠮᠡᠨ ᠲᠥᠭᠦᠷᠢᠭ ᠠᠴᠠ 2 ᠮᠢᠩᠭᠠᠨ ᠲᠥᠭᠦᠷᠢᠭ ᠢᠶᠠᠷ ᠲᠣᠷᠭᠠᠬᠤ ᠪᠠᠷ ᠨᠡᠶᠢᠯᠡᠭᠦᠯᠦᠨ ᠰᠢᠢᠳᠬᠡᠪᠡ᠃ ᠵᠠᠭᠠᠯᠳᠤᠭᠳᠠᠭᠴᠢ | ᠰᠥᠩ ᠣᠪᠣᠭᠲᠤ ᠵᠡᠷᠭᠡ ᠬᠥᠮᠥᠰ ᠲᠤᠬᠠᠢ ᠶᠢᠨ ᠲᠢᠩᠬᠢᠮ ᠳᠤ ᠶᠠᠯ᠎ᠠ ᠪᠠᠨ ᠮᠡᠳᠡᠷᠡᠵᠦ ᠰᠢᠢᠳᠬᠡᠯ ᠢ ᠬᠦᠯᠢᠶᠡᠵᠦ᠂ ᠳᠡᠭᠡᠭᠰᠢ ᠵᠠᠭᠠᠯᠳᠤᠬᠤ ᠦᠭᠡᠢ ᠭᠡᠵᠦ | ᠢᠯᠡᠷᠬᠡᠶᠢᠯᠡᠵᠡᠢ᠃ | ᠲᠣᠰ ᠡᠪᠰᠡᠯ ᠪᠦᠯᠦᠭ ᠤᠨ ᠪᠦᠷᠢᠯᠳᠦᠭᠦᠨ ᠨᠢ ᠰᠣᠨᠢᠨ ᠮᠡᠳᠡᠭᠡᠨ ᠤ ᠠᠵᠢᠯᠲᠠᠨ ᠢᠶᠠᠷ ᠣᠪᠯᠠᠨ᠂ ᠨᠡᠭᠦᠷᠡᠰᠦᠨ ᠠᠭᠤᠷᠬᠠᠢ ᠶᠢᠨ ᠠᠵᠤ | ᠠᠬᠤᠶᠢᠯᠠᠯ ᠳᠤ ᠬᠤᠯᠪᠣᠭᠳᠠᠭᠰᠠᠨ ᠦᠨᠡᠨ ᠪᠣᠳᠠᠲᠠᠢ ᠪᠤᠰᠤ ᠮᠡᠳᠡᠭᠡ ᠵᠠᠩᠭᠢ ᠶᠢ ᠲᠤᠭᠤᠷᠪᠢᠭᠰᠠᠨ ᠪᠥᠭᠡᠳ ᠲᠡᠭᠦᠨ ᠤ ᠳᠠᠩᠰᠠᠯᠠᠭᠤᠯᠤᠭᠰᠠᠨ 30 ᠭᠠᠷᠤᠢ | ᠰᠦᠯᠵᠢᠶᠡᠨ ᠳᠡᠭᠡᠷᠡᠬᠢ ᠵᠠᠭᠤᠴᠢᠯᠠᠭᠤᠷ ᠤᠨ ᠲᠠᠩᠰᠠᠨ ᠨᠣᠮᠧᠷ ᠢᠶᠠᠷ ᠨᠡᠶᠢᠲᠡᠯᠡᠵᠦ᠂ ᠳᠠᠬᠢᠨ ᠬᠠᠷᠢᠯᠴᠠᠨ ᠳᠠᠮᠵᠢᠭᠤᠯᠤᠨ ᠲᠠᠷᠬᠠᠭᠠᠬᠤ ᠵᠡᠷᠭᠡ ᠠᠷᠭ᠎ᠠ ᠮᠠᠶ᠋ᠢᠭ ᠢᠶᠠᠷ | ᠳᠠᠮᠵᠢᠭᠤᠯᠤᠨ ᠨᠥᠯᠥᠭᠡ ᠪᠠᠨ ᠥᠷᠭᠡᠳᠬᠡᠵᠦ᠂ ᠠᠵᠤ ᠠᠬᠤᠶᠢᠯᠠᠯ ᠢ ᠠᠯᠪᠠᠳᠠᠵᠤ ᠪᠠᠶᠢᠭᠠᠳ ︽ᠵᠣᠭᠤᠰ ᠵᠠᠷᠤᠴᠠᠭᠤᠯᠤᠨ ᠪᠢᠴᠢᠭᠡᠰᠦ ᠬᠠᠰᠤᠭᠤᠯᠵᠤ︾ ᠪᠠᠶᠢᠵᠠᠢ᠃ | ᠵᠡᠭᠦᠨᠭᠠᠷ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠲᠤᠰᠬᠠᠢ ᠬᠡᠷᠡᠭ ᠤᠨ ᠳᠤᠭᠤᠶᠢᠯᠠᠩ ᠤᠨ ᠠᠷᠠᠳ ᠤᠨ ᠴᠠᠭᠳᠠᠭ᠎ᠠ ᠶᠢᠨ | ᠲᠠᠨᠢᠯᠴᠠᠭᠤᠯᠤᠭᠰᠠᠨ ᠢᠶᠠᠷ᠂ ᠲᠣᠰ ᠡᠪᠰᠡᠯ ᠪᠦᠯᠦᠭ ᠤᠨ ᠶᠠᠯᠠᠲᠤ ᠠᠵᠢᠯᠯᠠᠭ᠎ᠠ ᠳᠤ ᠬᠢᠬᠠᠵᠤ ᠠᠪᠤᠭᠰᠠᠨ᠂ ᠬᠠᠤᠯᠢ ᠪᠤᠰᠤ ᠪᠠᠷ ᠡᠵᠡᠩᠨᠡᠭᠰᠡᠨ᠂ ᠰᠦᠯᠵᠢᠶᠡᠨ ᠳᠤ | ᠬᠤᠯᠪᠣᠭᠳᠠᠭᠰᠠᠨ ᠬᠠᠷᠭᠢᠰ ᠬᠦᠴᠦᠨ ᠤ ᠶᠠᠯᠠᠲᠤ ᠠᠵᠢᠯᠯᠠᠭ᠎ᠠ ᠪᠠᠭᠲᠠᠨ᠎ᠠ᠃ ᠣᠶᠢᠯᠠᠭᠠᠭᠰᠠᠨ ᠢᠶᠠᠷ᠂ ᠤᠷᠢᠳ ᠬᠤᠵᠢᠳ 30 ᠭᠠᠷᠤᠢ ᠦᠢᠯᠡᠳᠪᠦᠷᠢ ᠠᠭᠤᠷᠬᠠᠢ | ᠠᠵᠤ ᠠᠬᠤᠶᠢᠯᠠᠯ ᠲᠣᠰ ᠶᠠᠯᠠᠲᠤ ᠪᠦᠯᠦᠭ ᠲᠤ ᠬᠢᠬᠠᠭᠳᠠᠵᠤ᠂ ᠠᠯᠪᠠᠳᠠᠯᠭ᠎ᠠ ᠪᠠᠷ ᠠᠷᠠᠯᠵᠢᠶᠠᠯᠠᠭᠠᠳ᠂ ᠬᠡᠷᠡᠭ ᠲᠤ ᠬᠤᠯᠪᠣᠭᠳᠠᠭᠰᠠᠨ ᠵᠣᠭᠤᠰ ᠤᠨ ᠲᠤᠭ᠎ᠠ ᠨᠢ | 1200 ᠲᠦᠮᠡᠨ ᠲᠥᠭᠦᠷᠢᠭ ᠲᠤ ᠬᠦᠷᠴᠡᠢ᠃ ᠣᠳᠣᠬᠠᠨ ᠳᠤ᠂ ᠬᠤᠯᠪᠣᠭᠳᠠᠯ ᠪᠦᠬᠦᠢ ᠬᠠᠤᠯᠢ ᠶᠢ ᠵᠥᠷᠢᠴᠡᠭᠰᠡᠨ ᠬᠤᠪᠢ ᠶᠢᠨ ᠵᠠᠭᠤᠴᠢᠯᠠᠭᠤᠷ ᠤᠨ | ᠲᠠᠩᠰᠠᠨ ᠨᠣᠮᠧᠷ ᠢ ᠨᠢᠭᠡᠨᠲᠡ ᠬᠠᠤᠯᠢ ᠶᠣᠰᠣᠭᠠᠷ ᠪᠢᠲᠡᠭᠦᠮᠵᠢᠯᠡᠪᠡ᠃ | ᠲᠤᠰᠬᠠᠢ ᠬᠡᠷᠡᠭ ᠤᠨ ᠳᠤᠭᠤᠶᠢᠯᠠᠩ ᠤᠨ ᠳᠠᠷᠤᠭ᠎ᠠ᠂ ᠵᠡᠭᠦᠨᠭᠠᠷ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠨᠠᠮ ᠤᠨ | ᠬᠤᠷᠢᠶᠠᠨ ᠤ ᠳᠡᠳ᠋ ᠱᠦᠵᠢ᠂ ᠤᠯᠤᠰ ᠲᠥᠷᠥ ᠶᠢᠨ ᠭᠡᠰᠢᠭᠦᠨ ᠸᠠᠩ ᠹᠦ᠋ ᠯᠦᠩ ᠤᠨ ᠲᠠᠨᠢᠯᠴᠠᠭᠤᠯᠤᠭᠰᠠᠨ ᠢᠶᠠᠷ᠂ ᠡᠨᠡ ᠪᠣᠯ ᠥᠪᠥᠷ | ᠮᠣᠩᠭᠤᠯ ᠤᠨ ᠠᠩᠬᠠᠳᠠᠭᠴᠢ ᠰᠦᠯᠵᠢᠶᠡᠨ ᠳᠤ ᠬᠤᠯᠪᠣᠭᠳᠠᠭᠰᠠᠨ ᠬᠠᠷᠭᠢᠰ ᠬᠦᠴᠦᠨ ᠤ ᠶᠠᠯᠠᠲᠤ ᠬᠡᠷᠡᠭ ᠮᠥᠨ᠂ ᠪᠠᠰᠠ ᠴᠤ ᠥᠪᠥᠷ ᠮᠣᠩᠭᠤᠯ ᠤᠨ ᠬᠠᠷ᠎ᠠ | ᠪᠦᠯᠦᠭᠲᠡᠨ ᠬᠠᠷᠭᠢᠰ ᠬᠦᠴᠦᠨ ᠢ ᠠᠷᠢᠯᠭᠠᠬᠤ ᠪᠠᠶᠢᠩᠭᠤ ᠶᠢᠨ ᠲᠡᠮᠡᠴᠡᠯ ᠠᠴᠠ ᠨᠠᠰᠢᠬᠢ ᠨᠡᠶᠢᠲᠡᠯᠢᠭ ᠬᠡᠷᠡᠭ ᠮᠥᠨ᠃ ᠬᠡᠷᠡᠭ ᠢ ᠲᠠᠩᠨᠠᠨ ᠢᠯᠡᠷᠡᠭᠦᠯᠬᠦ | ᠬᠤᠭᠤᠴᠠᠭᠠᠨ ᠳᠤ᠂ ᠲᠤᠰᠬᠠᠢ ᠬᠡᠷᠡᠭ ᠤᠨ ᠳᠤᠭᠤᠶᠢᠯᠠᠩ ᠤᠨ ᠠᠷᠠᠳ ᠤᠨ ᠴᠠᠭᠳᠠᠭ᠎ᠠ ᠱᠠᠨᠰᠢ᠂ ᠭᠠᠨᠰᠤ᠂ ᠱᠠᠨ ᠰᠢ᠂ ᠾᠧᠪᠧᠢ᠂ ᠾᠧᠨᠠᠨ ᠵᠢᠴᠢ ᠥᠪᠥᠷ | ᠮᠣᠩᠭᠤᠯ ᠵᠡᠷᠭᠡ 6 ᠮᠤᠵᠢ ᠣᠷᠣᠨ ᠤ 25 ᠬᠤᠲᠠ ᠰᠢᠶᠠᠨ ᠢᠶᠠᠷ ᠬᠦᠷᠴᠦ ᠪᠠᠶᠢᠴᠠᠭᠠᠨ ᠭᠡᠷᠡᠴᠢ ᠠᠪᠴᠤ᠂ 10 ᠭᠠᠷᠤᠢ ᠲᠦᠮᠡᠨ ᠺᠢᠯᠣᠮᠧᠲᠷ ᠠᠶᠠᠯᠠᠭᠰᠠᠨ ᠪᠥᠭᠡᠳ | ᠰᠥᠩ ᠣᠪᠣᠭᠲᠤ ᠪᠠᠷ ᠲᠣᠯᠣᠭᠠᠶᠢᠯᠠᠭᠤᠯᠤᠭᠰᠠᠨ ᠬᠠᠷᠭᠢᠰ ᠬᠦᠴᠦᠨ ᠤ ᠶᠠᠯᠠᠲᠤ ᠪᠦᠯᠦᠭ ᠤᠨ16 ᠪᠦᠷᠢᠯᠳᠦᠭᠦᠨ ᠢ ᠠᠮᠵᠢᠯᠲᠠᠲᠠᠢ ᠪᠠᠷᠢᠪᠴᠢᠯᠠᠵᠤ᠂ 26 | ᠡᠷᠡᠭᠦᠦ ᠶᠢᠨ ᠬᠡᠷᠡᠭ ᠢ ᠢᠯᠡᠷᠡᠭᠦᠯᠵᠦ᠂ ᠬᠤᠬᠢᠷᠠᠯ ᠠᠮᠰᠠᠭᠰᠠᠨ ᠠᠵᠤ ᠠᠬᠤᠶᠢᠯᠠᠯ ᠢ 910 ᠲᠦᠮᠡᠨ ᠲᠥᠭᠦᠷᠢᠭ ᠤᠨ ᠬᠤᠬᠢᠷᠠᠯ ᠠᠴᠠ ᠵᠠᠶᠢᠯᠠᠭᠤᠯᠤᠭᠰᠠᠨ ᠪᠠᠶᠢᠨ᠎ᠠ | ᠭᠡᠪᠡ᠃ |