ᠥᠪᠥᠷ ᠮᠣᠩᠭᠤᠯ ᠤᠨ 7 ᠬᠠᠤᠯᠢ ᠪᠠᠷᠢᠬᠤ ᠠᠵᠢᠯᠲᠠᠨ  ᠢ ᠬᠢᠨᠠᠨ ᠪᠠᠶᠢᠴᠠᠭᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ
ᠨᠡᠶᠢᠲᠡᠯᠡᠭᠰᠡᠨ ᠴᠠᠭ᠄
2024/4/29
      ᠬᠠᠤᠯᠢ ᠴᠠᠭᠠᠵᠠ ᠶᠢᠨ ᠠᠵᠢᠯᠲᠠᠨ ᠤ ᠡᠷᠬᠡ ᠲᠤᠰᠢᠶᠠᠯ ᠢᠶᠠᠨ  ᠠᠰᠢᠭᠯᠠᠨ ᠬᠢᠭᠰᠡᠨ  4  ᠶᠠᠯᠠᠲᠤ  ᠬᠡᠷᠡᠭ ᠢ  ᠲᠠᠩᠨᠠᠨ‌‍ᠪᠠᠶᠢᠴᠠᠭᠠᠵᠤ ᠳᠠᠭᠤᠰᠬᠠᠭᠠᠳ ᠬᠢᠨᠠᠨ ᠪᠠᠶᠢᠴᠠᠭᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ᠃ ᠬᠥᠬᠡᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ  ᠰᠠᠯᠪᠤᠷᠢ ᠠᠩᠭᠢ ᠶᠢᠨ ᠰᠠᠶᠢᠬᠠᠨ ᠶᠡᠭᠡ ᠠᠩᠭᠢ ᠶᠢᠨ ᠤᠤᠯ ᠤᠨ ᠠᠷᠠᠳ ᠤᠨ ᠴᠠᠭᠳᠠᠭ᠎ᠠ  ᠴᠧᠨ  ᠣᠪᠣᠭᠲᠤ ᠶᠢᠨ  ᠡᠷᠬᠡ  ᠲᠤᠰᠢᠶᠠᠯ ᠢᠶᠠᠨ ᠳᠤᠷ᠎ᠠ ᠪᠠᠷ ᠢᠶᠠᠨ ᠬᠡᠷᠡᠭᠯᠡᠭᠰᠡᠨ ᠰᠡᠵᠢᠭᠯᠡᠯᠲᠡᠢ ᠬᠡᠷᠡᠭ ᠢ ᠬᠥᠬᠡᠬᠤᠲᠠ ᠶᠢᠨ ᠰᠠᠶᠢᠬᠠᠨ  ᠲᠣᠭᠤᠷᠢᠭ ᠤᠨ  ᠠᠷᠠᠳ ᠤᠨ  ᠪᠠᠶᠢᠴᠠᠭᠠᠬᠤ ᠬᠤᠷᠢᠶ᠎ᠠ ᠠᠴᠠ ᠲᠠᠩᠨᠠᠨ ᠪᠠᠶᠢᠴᠠᠭᠠᠵᠤ ᠳᠠᠭᠤᠰᠬᠠᠭᠠᠳ ᠬᠢᠨᠠᠨ ᠪᠠᠶᠢᠴᠠᠭᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ︔  ᠪᠤᠭᠤᠲᠤ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠳ᠋ᠦᠩ ᠾᠧ ᠲᠣᠭᠤᠷᠢᠭ ᠤᠨ  ᠲᠣᠭᠤᠷᠢᠭ ‍ᠤᠨ‌‍ᠲ᠋ᠣᠪᠴᠢᠶ᠎ᠠ ᠶᠢᠨ ᠠᠷᠠᠳ ᠤᠨ ᠠᠭᠠᠷ ᠤᠨ ᠲᠡᠭᠡᠭᠡᠪᠦᠷᠢ ᠶᠢᠨ ᠲᠣᠮᠢᠯᠠᠭᠰᠠᠨ ᠰᠠᠯᠪᠤᠷᠢ ᠶᠢᠨ ᠤᠤᠯ ᠤᠨ ᠠᠷᠠᠳ ᠤᠨ ᠴᠠᠭᠳᠠᠭ᠎ᠠ ᠸᠠᠩ‌ᠣᠪᠣᠭᠲᠤ ᠶᠢᠨ ᠲᠤᠰᠢᠶᠠᠯ ᠬᠠᠷᠢᠭᠤᠴᠠᠯᠭ᠎ᠠ ᠪᠠᠨ ᠣᠮᠲᠣᠭᠠᠶᠢᠯᠠᠭᠰᠠᠨ ᠰᠡᠵᠢᠭᠯᠡᠯᠲᠡᠢ ᠬᠡᠷᠡᠭ ᠢ ᠪᠤᠭᠤᠲᠤ ᠬᠤᠲᠠ ᠶᠢᠨ ᠳ᠋ᠦᠩ ᠾᠧ ᠲᠣᠭᠤᠷᠢᠭ ᠤᠨ ᠠᠷᠠᠳ ᠤᠨ ᠪᠠᠶᠢᠴᠠᠭᠠᠬᠤ  ᠬᠤᠷᠢᠶ᠎ᠠ ᠠᠴᠠ  ᠲᠠᠩᠨᠠᠨ  ᠪᠠᠶᠢᠴᠠᠭᠠᠵᠤ  ᠳᠠᠭᠤᠰᠬᠠᠭᠠᠳ  ᠬᠢᠨᠠᠨ  ᠪᠠᠶᠢᠴᠠᠭᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ︔ ᠬᠥᠯᠥᠨ ᠪᠤᠶᠢᠷ ᠬᠤᠲᠠ ᠶᠢᠨ ᠠᠷᠤᠨ ᠬᠤᠰᠢᠭᠤᠨ ᠤ  ᠳᠣᠲᠣᠭᠠᠳᠤ ᠶᠢ  ᠬᠠᠮᠠᠭᠠᠯᠠᠬᠤ  ᠲᠣᠪᠴᠢᠶ᠎ᠠ ᠶᠢᠨ  ᠡᠷᠡᠭᠦᠦ ᠶᠢᠨ ᠴᠠᠭᠳᠠᠭ᠎ᠠ ᠶᠢᠨ ᠶᠡᠭᠡ ᠠᠩᠭᠢ ᠶᠢᠨ ᠤᠤᠯ ᠤᠨ ᠳᠡᠳ᠋ ᠳᠠᠷᠤᠭ᠎ᠠ ᠯᠢ ᠣᠪᠣᠭᠲᠤ᠂ ᠤᠤᠯ ᠤᠨ ᠳᠤᠮᠳᠠ ᠠᠩᠭᠢ ᠶᠢᠨ ᠳᠡᠳ᠋ ᠳᠠᠷᠤᠭ᠎ᠠ ᠪᠦᠦ ᠣᠪᠣᠭᠲᠤ᠂ ᠠᠷᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠶᠢᠨ ᠾᠧ ᠲᠣᠮᠢᠯᠠᠭᠰᠠᠨ ᠰᠠᠯᠪᠤᠷᠢ ᠵᠢᠨ‌ᠤᠤᠯ ᠤᠨ ᠵᠢᠭᠠᠨ ᠵᠢᠯᠣᠭᠤᠳᠤᠭᠴᠢ ᠵᠠᠩ ᠣᠪᠣᠭᠲᠤ ᠶᠢᠨ  ᠲᠤᠰᠢᠶᠠᠯ  ᠬᠠᠷᠢᠭᠤᠴᠠᠯᠭ᠎ᠠ ᠪᠠᠨ  ᠣᠮᠲᠣᠭᠠᠶᠢᠯᠠᠭᠰᠠᠨ  ᠰᠡᠵᠢᠭᠯᠡᠯᠲᠡᠢ ᠬᠡᠷᠡᠭ ᠢ  ᠬᠥᠯᠥᠨ  ᠪᠤᠶᠢᠷ  ᠬᠤᠲᠠ ᠶᠢᠨ  ᠣᠷᠴᠣᠨ ᠤ  ᠥᠪᠡᠷᠲᠡᠭᠡᠨ  ᠵᠠᠰᠠᠬᠤ  ᠬᠤᠰᠢᠭᠤᠨ ᠤ  ᠠᠷᠠᠳ ᠤᠨ  ᠪᠠᠶᠢᠴᠠᠭᠠᠬᠤ ᠬᠤᠷᠢᠶ᠎ᠠ ᠠᠴᠠ ᠲᠠᠩᠨᠠᠨ ᠪᠠᠶᠢᠴᠠᠭᠠᠵᠤ ᠳᠠᠭᠤᠰᠬᠠᠭᠠᠳ ᠬᠢᠨᠠᠨ ᠪᠠᠶᠢᠴᠠᠭᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ︔ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠲᠦ  ᠬᠤᠰᠢᠭᠤᠨ ᠤ  ᠠᠷᠠᠳ ᠤᠨ  ᠰᠢᠭᠦᠬᠦ  ᠬᠤᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠤᠤᠯ ᠤᠨ ᠳᠡᠳ᠋ ᠱᠦᠵᠢ᠂ ᠳᠡᠳ᠋ ᠬᠤᠷᠢᠶᠠᠨ ᠳᠠᠷᠤᠭ᠎ᠠ ᠵᠠᠩ ᠣᠪᠣᠭᠲᠤ᠂  ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠰᠢᠭᠦᠬᠦ ᠬᠤᠷᠢᠶᠠᠨ ᠤ ᠤᠯᠠᠭᠠᠨᠮᠣᠳᠤ ᠰᠢᠭᠦᠬᠦ ᠲᠢᠩᠬᠢᠮ ᠤᠨ  ᠤᠤᠯ ‍ᠤᠨ‌‍ᠲ᠋ᠢᠩᠬᠢᠮ ᠤᠨ ᠳᠠᠷᠤᠭ᠎ᠠ ᠰᠢᠶᠠ ᠣᠪᠣᠭᠲᠤ ᠶᠢᠨ ᠡᠷᠬᠡ ᠲᠤᠰᠢᠶᠠᠯ ᠢᠶᠠᠨ ᠳᠤᠷ᠎ᠠ ᠪᠠᠷ ᠢᠶᠠᠨ  ᠬᠡᠷᠡᠭᠯᠡᠭᠰᠡᠨ  ᠰᠡᠵᠢᠭᠯᠡᠯᠲᠡᠢ  ᠬᠡᠷᠡᠭ ᠢ‌‍ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠠᠴᠠ ᠲᠠᠩᠨᠠᠨ ᠪᠠᠶᠢᠴᠠᠭᠠᠵᠤ ᠳᠠᠭᠤᠰᠬᠠᠭᠠᠳ ᠬᠢᠨᠠᠨ ᠪᠠᠶᠢᠴᠠᠭᠠᠯᠭᠠᠵᠤ ᠵᠠᠭᠠᠯᠳᠤᠭᠤᠯᠬᠤ ᠪᠠᠷ ᠰᠢᠯᠵᠢᠭᠦᠯᠦᠨ ᠬᠦᠷᠭᠡᠪᠡ᠃
ᠢᠷᠡᠯᠲᠡ᠄ ᠠᠷᠠᠳ ᠤᠨ ᠰᠦᠯᠵᠢᠶ᠎ᠡ