ᠬᠡᠦᠬᠡᠳ ᠨᠢ ᠡᠵᠢ ᠶᠢᠨ ᠢᠶᠠᠨ ᠭᠠᠷ ᠤᠲᠠᠰᠤ ᠪᠠᠷ ᠨᠠᠭᠠᠳᠤᠭᠠᠳ 17 ᠲᠦᠮᠡ ᠭᠠᠷᠤᠢ ᠲᠥᠭᠦᠷᠢᠭ ᠮᠡᠬᠡᠯᠡᠭᠳᠡᠪᠡ
ᠨᠡᠶᠢᠲᠡᠯᠡᠭᠰᠡᠨ ᠴᠠᠭ᠄
2024/4/29
      ᠣᠶᠢᠷ᠎ᠠ ᠳᠤ᠂ ᠰᠥᠨᠢᠳ ᠪᠠᠷᠠᠭᠤᠨ  ᠬᠤᠰᠢᠭᠤᠨ ᠤ  ᠳᠣᠲᠣᠭᠠᠳᠤ ᠶᠢ  ᠬᠠᠮᠠᠭᠠᠯᠠᠬᠤ  ᠲᠣᠪᠴᠢᠶ᠎ᠠ ᠶᠢᠨ  ᠡᠷᠡᠭᠦᠦ ᠶᠢᠨ ᠬᠡᠷᠡᠭ ᠢ ᠲᠠᠩᠨᠠᠨ ᠪᠠᠶᠢᠴᠠᠭᠠᠬᠤ ᠶᠡᠭᠡ ᠠᠩᠭᠢ ᠴᠠᠬᠢᠯᠭᠠᠨ  ᠬᠤᠯᠪᠣᠭ᠎ᠠ  ᠰᠦᠯᠵᠢᠶ᠎ᠡ ᠪᠠᠷ  ᠮᠡᠬᠡᠯᠡᠭᠰᠡᠨ  ᠪᠠᠰᠠ  ᠨᠢᠭᠡᠨ  ᠬᠡᠷᠡᠭ ᠢ ᠠᠮᠵᠢᠯᠲᠠᠲᠠᠢ ᠳᠡᠩᠨᠡᠨ ᠢᠯᠡᠷᠡᠭᠦᠯᠵᠦ᠂ ᠶᠠᠯ᠎ᠠ ᠬᠢᠭᠰᠡᠨ ᠨᠢᠭᠡᠨ ᠰᠡᠵᠢᠭᠲᠡᠨ ᠢ ᠪᠠᠷᠢᠪᠴᠢᠯᠠᠪᠠ᠃               2024 ᠣᠨ ᠤ 1 ᠰᠠᠷ᠎ᠠ ᠶᠢᠨ 19 ᠤ ᠡᠳᠦᠷ᠂ ᠨᠠᠰᠤᠨ ᠳᠤ ᠬᠦᠷᠦᠭᠡ ᠦᠭᠡᠢ ᠶᠢᠨ ᠣᠪᠣᠭᠲᠤ ︵ᠪᠦᠬᠦᠯᠢ  10 ᠨᠠᠰᠤ︶ ᠭᠠᠷ ᠤᠲᠠᠰᠤ ᠪᠠᠷ ᠨᠠᠭᠠᠳᠴᠤ ᠪᠠᠶᠢᠬᠤ ᠳᠤ ᠪᠠᠨ ᠮᠡᠬᠡᠯᠡᠭᠴᠢ ᠶᠢᠨ ᠲᠣᠭᠯᠠᠭᠠᠮ ᠤᠨ  ᠵᠣᠭᠤᠰ  ᠬᠦᠷᠭᠡᠬᠦ  ᠥᠭᠶᠦᠭᠡ ᠳᠤ ᠬᠠᠭᠤᠷᠲᠠᠭᠳᠠᠵᠤ᠂ ᠶᠢᠨ ᠣᠪᠣᠭᠲᠤ ᠶᠢ ᠮᠡᠬᠡᠯᠡᠵᠦ ᠪᠠᠶᠢᠭᠠᠳ ᠡᠵᠢ ᠶᠢᠨ  ᠬᠢᠨ ᠭᠠᠷ ᠤᠲᠠᠰᠤᠨ ᠳᠣᠲᠣᠷᠠᠬᠢ  ᠮᠡᠳᠡᠭᠡ  ᠵᠠᠩᠭᠢ ᠶᠢ ᠸᠢᠳᠢᠤ᠋ ᠶᠢᠨ ᠬᠡᠯᠪᠡᠷᠢ ᠪᠠᠷ ᠢᠯᠡᠭᠡᠭᠦᠯᠵᠦ᠂ ᠶᠢᠨ ᠣᠪᠣᠭᠲᠤ ᠶᠢᠨ ᠡᠵᠢ ᠶᠢᠨ ᠭᠠᠷ ᠤᠲᠠᠰᠤᠨ  ᠳᠡᠭᠡᠷᠡᠬᠢ  17  ᠲᠦᠮᠡ  ᠭᠠᠷᠤᠢ ᠲᠥᠭᠦᠷᠢᠭ ᠢ ᠮᠡᠬᠡᠯᠡᠵᠡᠢ᠃               ᠬᠡᠷᠡᠭ ᠤᠨ  ᠮᠡᠳᠡᠭᠦᠯᠦᠯᠲᠡ ᠶᠢ  ᠣᠯᠣᠭᠰᠠᠨ ᠤ  ᠳᠠᠷᠠᠭ᠎ᠠ᠂  ᠰᠥᠨᠢᠳ  ᠪᠠᠷᠠᠭᠤᠨ  ᠬᠤᠰᠢᠭᠤᠨ ᠤ  ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠳᠡᠭᠡᠳᠦ  ᠬᠡᠮᠵᠢᠶ᠎ᠡ ᠪᠠᠷ  ᠴᠢᠬᠤᠯᠠᠴᠢᠯᠠᠨ  ᠦᠵᠡᠵᠦ᠂  ᠲᠡᠷᠡ  ᠳᠠᠷᠤᠢ  ᠳᠤᠨᠢ  ᠲᠤᠰᠬᠠᠢ  ᠬᠡᠷᠡᠭ ᠤᠨ ᠳᠤᠭᠤᠶᠢᠯᠠᠩ ᠪᠠᠶᠢᠭᠤᠯᠵᠤ᠂ ᠬᠡᠷᠡᠭ ᠢ ᠲᠠᠩᠨᠠᠨ ᠢᠯᠡᠷᠡᠭᠦᠯᠬᠦ ᠠᠵᠢᠯ ᠢ  ᠪᠥᠬᠦ  ᠬᠦᠴᠦᠨ ᠢᠶᠠᠷ ᠢᠶᠠᠨ  ᠥᠷᠨᠢᠭᠦᠯᠪᠡ᠃  ᠲᠤᠰᠬᠠᠢ ᠬᠡᠷᠡᠭ ᠤᠨ ᠠᠷᠠᠳ ᠤᠨ ᠴᠠᠭᠳᠠᠭ᠎ᠠ ᠶᠠᠯ᠎ᠠ ᠬᠢᠭᠰᠡᠨ ᠰᠡᠵᠢᠭᠲᠡᠨ ᠾᠧ ᠣᠪᠣᠭᠲᠤ ᠶᠢ ᠭᠦᠨᠵᠡᠭᠡᠢ  ᠰᠤᠳᠤᠯᠤᠨ  ᠮᠠᠭᠠᠳᠯᠠᠬᠤ  ᠪᠠ ᠨᠠᠷᠢᠨ ᠨᠢᠮᠪᠠᠢ ᠲᠠᠩᠨᠠᠨ ᠪᠠᠶᠢᠴᠠᠭᠠᠬᠤ ᠪᠠᠷ ᠳᠠᠮᠵᠢᠭᠤᠯᠤᠨ ᠲᠡᠭᠦᠨ ᠤ ᠬᠤᠪᠧᠢ ᠮᠤᠵᠢ ᠶᠢᠨ ᠬᠤᠸᠠᠩᠱᠢ ᠬᠤᠲᠠ ᠳᠠᠬᠢ ᠠᠵᠢᠯᠯᠠᠭ᠎ᠠ  ᠶᠢᠨ ᠵᠠᠮ ᠢ ᠣᠯᠵᠤ ᠮᠡᠳᠡᠭᠡᠳ ᠲᠡᠷᠡ ᠳᠠᠷᠤᠢ ᠳᠤᠨᠢ ᠬᠤᠪᠧᠢ ᠮᠤᠵᠢ ᠶᠢᠨ ᠬᠤᠸᠠᠩᠱᠢ ᠬᠤᠲᠠ ᠳᠤ ᠬᠦᠷᠴᠦ ᠪᠠᠶᠢᠴᠠᠭᠠᠨ ᠭᠡᠷᠡᠴᠢ ᠠᠪᠬᠤ  ᠠᠵᠢᠯ  ᠢ  ᠬᠢᠭᠰᠡᠨ  ᠪᠠᠶᠢᠨ᠎ᠠ᠃  2024  ᠣᠨ ᠤ  2  ᠰᠠᠷ᠎ᠠ ᠶᠢᠨ  23 ᠤ  ᠡᠳᠦᠷ᠂  ᠲᠤᠰᠬᠠᠢ  ᠬᠡᠷᠡᠭ ᠤᠨ ᠳᠤᠭᠤᠶᠢᠯᠠᠩ ᠤᠨ ᠡᠮᠦᠨᠡᠬᠢ  ᠬᠤᠭᠤᠴᠠᠭᠠᠨ ᠤ  ᠶᠡᠭᠡ  ᠬᠡᠮᠵᠢᠶᠡᠨ ᠤ  ᠪᠠᠶᠢᠴᠠᠭᠠᠯᠲᠠ  ᠬᠢᠵᠦ  ᠭᠡᠷᠡᠴᠢ  ᠴᠤᠭᠯᠠᠭᠤᠯᠪᠠ᠂  ᠶᠡᠭᠡ ᠬᠡᠮᠵᠢᠶᠡᠨ ᠤ ᠭᠡᠷᠡᠴᠢ ᠪᠠᠷᠢᠮᠲᠠ ᠶᠢᠨ ᠡᠮᠦᠨ᠎ᠡ᠂ ᠶᠠᠯ᠎ᠠ ᠬᠢᠭᠰᠡᠨ ᠰᠡᠵᠢᠭᠲᠡᠨ ᠾᠧ ᠣᠪᠣᠭᠲᠤ ᠳᠠᠷᠤᠯᠲᠠ ᠠᠴᠠ  ᠪᠣᠯᠵᠤ  ᠰᠥᠨᠢᠳ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠳᠤ ᠬᠦᠷᠴᠦ ᠶᠠᠯ᠎ᠠ ᠪᠠᠨ ᠮᠡᠳᠡᠷᠡᠵᠦ ᠪᠡᠶ᠎ᠡ ᠪᠠᠨ ᠲᠤᠰᠢᠶᠠᠵᠠᠢ᠃ ᠰᠢᠭᠦᠨ  ᠠᠰᠠᠭᠤᠬᠤ ᠪᠠᠷ  ᠳᠠᠮᠵᠢᠭᠠᠳ᠂  ᠶᠠᠯ᠎ᠠ  ᠬᠢᠭᠰᠡᠨ  ᠰᠡᠵᠢᠭᠲᠡᠨ  ᠾᠧ  ᠣᠪᠣᠭᠲᠤ  ᠥᠪᠡᠷ ᠤᠨ  ᠬᠢᠭᠰᠡᠨ   ᠶᠠᠯᠠᠲᠤ ᠠᠵᠢᠯᠯᠠᠭ᠎ᠠ ᠪᠠᠨ ᠥᠴᠢᠭᠯᠡᠨ ᠮᠡᠳᠡᠷᠡᠵᠡᠢ᠃               ᠣᠳᠣᠬᠠᠨ ᠳᠤ᠂ ᠶᠠᠯ᠎ᠠ ᠬᠢᠭᠰᠡᠨ ᠰᠡᠵᠢᠭᠲᠡᠨ ᠾᠧ ᠣᠪᠣᠭᠲᠤ ᠶᠢ ᠰᠥᠨᠢᠳ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠨᠢᠭᠡᠨᠲᠡ ᠬᠠᠤᠯᠢ ᠶᠣᠰᠣᠭᠠᠷ ᠡᠷᠡᠭᠦᠦ ᠶᠢᠨ ᠬᠡᠷᠡᠭ ᠢᠶᠠᠷ  ᠲᠦᠷ  ᠬᠤᠷᠢᠵᠤ᠂  ᠬᠡᠷᠡᠭ ᠢ  ᠤᠯᠠᠮ  ᠨᠢᠭᠡ ᠠᠯᠬᠤᠮ ᠳᠡᠩᠨᠡᠨ ᠪᠠᠶᠢᠴᠠᠭᠠᠵᠤ ᠪᠣᠶ᠃
ᠢᠷᠡᠯᠲᠡ᠄ ᠠᠷᠠᠳ ᠤᠨ ᠰᠦᠯᠵᠢᠶ᠎ᠡ