ᠨᠢᠭᠡ ᠬᠥᠮᠥᠨ 316 ᠪᠣᠭᠴᠣ ᠠᠪᠴᠤ ᠶᠠᠪᠤᠭᠠᠳ ᠪᠠᠶᠢᠴᠠᠭᠠᠭᠳᠠᠪᠠ︕
ᠨᠡᠶᠢᠲᠡᠯᠡᠭᠰᠡᠨ ᠴᠠᠭ᠄
2024/4/29
      ᠣᠶᠢᠷ᠎ᠠ ᠳᠤ᠂ ᠹᠦᠵᠧᠦ ᠪᠣᠭᠤᠮᠲᠠ ᠶᠢᠨ  ᠬᠠᠷᠢᠶᠠᠨ ᠳᠠᠬᠢ  ᠹᠦᠵᠧᠦ ᠶᠢᠨ  ᠴᠠᠩ  ᠯᠧ  ᠨᠢᠰᠬᠡᠯ ᠤᠨ  ᠪᠠᠭᠤᠳᠠᠯ ᠤᠨ ᠪᠣᠭᠤᠮᠲᠠ ᠶᠢᠨ ᠬᠢᠨ ᠬᠢᠯᠢ ᠪᠠᠷ ᠣᠷᠣᠵᠤ ᠢᠷᠡᠬᠦ ᠡᠭᠡᠯᠵᠢ ᠶᠢᠨ ᠨᠢᠰᠬᠡᠯ ᠢ ᠬᠢᠨᠠᠨ ᠬᠠᠮᠢᠶᠠᠷᠬᠤ ᠦᠶ᠎ᠡ ᠳᠤ᠂  ᠨᠢᠭᠡ  ᠠᠶᠠᠨᠴᠢᠨ ᠤ ᠠᠴᠢᠶ᠎ᠠ ᠲᠡᠭᠡᠭᠡᠰᠢ ᠶᠢᠨ ᠮᠠᠰᠢᠨ ᠪᠠᠶᠢᠴᠠᠭᠠᠯᠲᠠ ᠶᠢᠨ ᠵᠢᠷᠤᠭ ᠳᠦᠷᠰᠦ  ᠨᠢ  ᠬᠡᠪ ᠤᠨ  ᠪᠤᠰᠤ  ᠪᠠᠶᠢᠬᠤ ᠶᠢ  ᠣᠯᠵᠤ  ᠮᠠᠲᠠᠵᠠᠢ᠂ ᠳᠠᠷᠠᠭ᠎ᠠ ᠨᠢ ᠲᠡᠭᠦᠨ ᠤ ᠪᠤᠭᠤᠳᠠᠯ ᠪᠠᠭᠯᠠᠭ᠎ᠠ ᠶᠢ ᠨᠢ ᠨᠡᠭᠡᠭᠡᠵᠦ  ᠪᠠᠶᠢᠴᠠᠭᠠᠭᠰᠠᠨ ᠤ  ᠳ᠋ᠦᠩ ᠳᠤ᠂  ᠲᠣᠰ  ᠠᠶᠠᠨᠴᠢᠨ ᠤ  ᠣᠯᠠᠨ ᠠᠴᠢᠶ᠎ᠠ ᠶᠢᠨ ᠠᠪᠳᠠᠷ᠎ᠠ ᠳᠤ ᠴᠥᠮ  ᠬᠠᠭᠤᠴᠢᠨ  LV  ᠪᠣᠭᠴᠤ ᠪᠠᠷ  ᠳᠦᠭᠦᠷᠦᠭᠰᠡᠨ ᠢ  ᠣᠯᠵᠤ  ᠮᠠᠲᠠᠵᠠᠢ᠃  ᠲᠤᠬᠠᠢ ᠶᠢᠨ ᠲᠠᠯᠠᠪᠤᠷ ᠲᠤ ᠲᠣᠭᠠᠯᠠᠨ ᠪᠦᠷᠢᠳᠬᠡᠬᠦ ᠪᠠᠷ  ᠳᠡᠮᠵᠢᠨ᠂  ᠡᠭᠦᠷᠬᠦ  ᠪᠣᠭᠴᠣ᠂  ᠭᠠᠷ  ᠪᠣᠭᠴᠣ᠂  ᠵᠣᠭᠤᠰᠤᠨ  ᠴᠦᠩᠬᠦ  ᠵᠡᠷᠭᠡ ᠶᠢ ᠪᠠᠭᠲᠠᠭᠠᠭᠰᠠᠨ ᠡᠯ᠎ᠡ ᠵᠦᠢᠯ ᠤᠨ LV ᠪᠣᠭᠴᠣ ᠨᠡᠶᠢᠲᠡ 316 ᠪᠠᠶᠢᠬᠤ ᠶᠢ ᠲᠣᠳᠣᠯᠠᠵᠠᠢ᠃ ᠣᠳᠣᠬᠠᠨ ᠳᠤ᠂ ᠲᠣᠰ  ᠬᠡᠷᠡᠭ ᠢ ᠨᠢᠭᠤᠴᠠ ᠪᠠᠷ ᠠᠷᠠᠯᠵᠢᠶᠠᠯᠠᠭᠰᠠᠳ ᠢ ᠪᠠᠷᠢᠪᠴᠢᠯᠠᠬᠤ ᠰᠠᠯᠠᠭ᠎ᠠ ᠮᠥᠴᠢᠷ ᠲᠤ ᠰᠢᠯᠵᠢᠭᠦᠯᠦᠨ  ᠬᠦᠷᠭᠡᠵᠦ  ᠤᠯᠠᠮ  ᠨᠢᠭᠡ  ᠠᠯᠬᠤᠮ ᠰᠢᠢᠳᠪᠦᠷᠢᠯᠡᠭᠦᠯᠪᠡ᠃
ᠢᠷᠡᠯᠲᠡ᠄ ᠠᠷᠠᠳ ᠤᠨ ᠰᠦᠯᠵᠢᠶ᠎ᠡ