ᠬᠤᠲᠠᠨ ᠤ ᠰᠢᠪᠠᠭᠤᠳ ᠮᠢᠨᠢ
ᠨᠡᠶᠢᠲᠡᠯᠡᠭᠰᠡᠨ ᠴᠠᠭ᠄
2024/4/29
ᠤᠳ᠋ᠪᠠᠯ᠎ᠠ ᠬᠤᠨᠢᠳ ᠰᠤᠪᠤᠷᠤᠨ ᠪᠡᠯᠴᠢᠵᠦ ᠭᠠᠷᠬᠤ ᠳᠤᠬᠤᠶᠢᠨ᠎ᠠ ᠨᠢ ᠬᠤᠴᠣᠷᠤᠭᠠᠳ ᠵᠢᠷᠭᠢᠯᠳᠦᠳᠡᠭ ᠰᠢᠪᠠᠭᠤᠬᠠᠢᠬᠡᠳᠦ ᠬᠡᠳᠦ ᠪᠠᠷ ᠢᠶᠠᠨ ᠭᠠᠵᠠᠷ ᠬᠤᠩᠬᠤᠶᠢᠯᠠᠨ ᠦᠢᠮᠡᠯᠳᠦᠵᠦᠬᠤᠲᠠᠨ ᠤ ᠲᠣᠭᠤᠰᠣ ᠶᠢ ᠠᠮᠢᠯᠠᠭᠤᠯᠤᠨ ᠰᠠᠷᠨᠢᠭᠤᠯᠤᠨ᠎ᠠᠪᠠᠭ᠎ᠠ ᠨᠠᠰᠤᠨ ᠳᠤ ᠪᠠᠨ ᠬᠥᠭᠡᠭᠡᠵᠦ ᠭᠦᠶᠦᠳᠡᠭ ᠰᠢᠪᠠᠭᠤᠬᠠᠢ ᠮᠢᠨᠢᠪᠠᠶᠢᠭᠠᠯᠢ ᠶᠢᠨ ᠬᠤᠪᠢᠷᠠᠯᠲᠠ ᠳᠤ ᠨᠠᠳᠠ ᠠᠴᠠ ᠪᠠᠨ ᠶᠡᠷᠦ ᠬᠤᠯᠠᠳᠠᠭ᠎ᠠ ᠦᠭᠡᠢᠨᠡᠷᠡᠲᠦ ᠳᠤ ᠵᠠᠶᠠᠭᠠᠭᠰᠠᠨ ᠥᠬᠢᠨ ᠵᠠᠶᠠᠭᠠᠨ ᠤ ᠲᠠᠪᠢᠯᠠᠩ ᠢᠶᠠᠷᠨᠠᠳᠠ ᠶᠢ ᠳᠠᠭᠠᠵᠤ ᠬᠠᠷᠢᠯᠠᠵᠤ ᠢᠷᠡᠭᠰᠡᠨ ᠰᠢᠪᠠᠭᠤᠬᠠᠢ ᠡᠪᠡᠳᠴᠦ ᠵᠣᠪᠠᠭ᠋ᠤ ᠶᠢ ᠮᠢᠨᠢ ᠮᠡᠳᠡᠳᠡᠭ ᠴᠤ ᠶᠤᠮ ᠪᠢᠯᠡ ᠤᠤ︖ᠦᠬᠦᠯ ᠬᠠᠭᠠᠴᠠᠯ ᠢ ᠵᠢᠭᠰᠢᠳᠡᠭ ᠴᠤ ᠶᠤᠮ ᠪᠢᠯᠡ ᠤᠤ︖ᠡᠳᠦᠷᠵᠢᠨ ᠡᠳᠦᠷᠵᠢᠨ ᠶᠠᠭᠠᠷᠠᠯᠲᠠᠢ ᠯᠡ ᠪᠠᠶᠢᠬᠤ ᠶᠤᠮᠡᠳᠦᠷ ᠠᠴᠠ ᠡᠳᠦᠷ ᠲᠤ ᠨᠡᠮᠡᠭᠳᠡᠭᠡᠳ ᠯᠡ ᠪᠠᠶᠢᠳᠠᠭ ᠶᠤᠮᠮᠣᠶᠢᠯ ᠬᠠᠷ᠎ᠠ ᠨᠢᠳᠦ ᠶᠢᠨ ᠬᠢᠨᠢ ᠰᠡᠷᠡᠮᠵᠢᠲᠡᠢ ᠶᠢ ᠶᠠᠭᠠᠬᠢᠨ᠎ᠠ︕ᠮᠢᠨᠳᠠᠰᠤᠨ ᠵᠥᠭᠡᠯᠡᠨ ᠬᠥᠳᠡᠯᠭᠡᠭᠡᠨ ᠤ ᠬᠢᠨᠢ ᠪᠤᠰᠢᠭᠤ ᠶᠢ ᠶᠠᠭᠠᠬᠢᠨ᠎ᠠ︕ᠮᠢᠷᠠᠯᠵᠠᠨ ᠬᠠᠯᠢᠭᠤᠷᠠᠨ ᠪᠥᠵᠢᠭᠯᠡᠵᠦ ᠳᠠᠪᠠᠯᠭᠠᠯᠠᠬᠤ ᠨᠢᠮᠠᠩᠨᠤᠭ ᠲᠠᠯ᠎ᠠ ᠶᠢᠨ ᠤᠰᠤᠨ ᠵᠡᠷᠭᠡᠯᠭᠡᠨ ᠬᠡᠮᠡᠷ ᠬᠤᠶᠢᠮᠣᠷ ᠨᠢ ᠳᠤᠯᠠᠭᠠᠨ ᠪᠣᠯᠬᠤᠷ ᠠᠳᠡ ᠨᠤᠲᠤᠭᠰᠢᠳᠠᠭ ᠤᠤ︖ᠬᠤᠲᠠ ᠳᠤ ᠮᠢᠨᠢ ᠡᠭᠦᠷᠯᠡᠭᠰᠡᠨ ᠪᠣᠯᠬᠤᠷ ᠨᠠᠳᠠ ᠬᠠᠨᠢᠰᠠᠳᠠᠭ ᠤᠤ︖ᠰᠦᠷᠦᠭ ᠤᠨ ᠡᠵᠡᠭᠦᠢ ᠳᠤ ᠬᠤᠲᠠ ᠶᠢ ᠮᠢᠨᠢ ᠴᠢᠮᠡᠭᠯᠡᠨᠰᠡᠳᠬᠢᠯ ᠡᠵᠡᠭᠦᠶᠢᠷᠡᠬᠦ ᠳᠤ ᠬᠠᠨᠢ ᠶᠢᠨ ᠪᠠᠷ᠎ᠠ ᠵᠢᠷᠤᠭᠯᠠᠨ᠎ᠠᠬᠡᠯᠡ ᠪᠠᠷ ᠢᠶᠠᠨ ᠪᠢᠰᠢ ᠬᠤᠲᠠ ᠪᠠᠷ ᠢᠶᠠᠨ ᠢᠵᠢᠯᠢᠰᠢᠭᠰᠡᠨ ᠪᠢᠳᠡᠬᠡᠵᠢᠶ᠎ᠡ ᠴᠤ ᠰᠠᠯᠤᠰᠢ ᠦᠭᠡᠢ ᠳᠣᠲᠣᠨᠣ ᠪᠠᠷᠢᠯᠳᠤᠯᠭ᠎ᠠ ᠲᠠᠢᠨᠠᠷᠠᠯᠠᠭ ᠬᠤᠷᠸ᠎ᠠ ᠶᠢᠨ ᠰᠠᠶᠢᠬᠠᠨ ᠪᠦᠬᠦᠨ ᠢ ᠪᠡᠯᠭᠡᠰᠢᠶᠡᠨᠨᠣᠮ ᠤᠨ ᠬᠠᠭᠤᠳᠠᠰᠤᠨ ᠳᠤ ᠮᠢᠨᠢ ᠰᠢᠯᠦᠭ ᠪᠣᠯᠤᠨ ᠵᠢᠷᠭᠢᠭᠡᠷᠡᠢ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ