ᠬᠠᠷᠠᠭᠠᠨ ᠰᠡᠷᠡᠯ ᠤᠨ ᠪᠠᠶᠠᠨᠨᠠᠭᠤᠷ᠂  ᠲᠤᠶᠢᠯ ᠤᠨ ᠲᠤᠶᠠᠭ᠎ᠠ
ᠨᠡᠶᠢᠲᠡᠯᠡᠭᠰᠡᠨ ᠴᠠᠭ᠄
2024/5/17
      11 ᠤ ᠡᠳᠦᠷ᠂ ᠭᠠᠵᠠᠷ ᠤᠨ ᠰᠣᠷᠢᠨᠵᠢᠨ ᠳᠣᠭᠰᠢᠷᠠᠯ ᠤᠨ ᠨᠥᠯᠥᠭᠡ ᠪᠠᠷ᠂ ᠤᠷᠠᠳ ᠤᠨ  ᠬᠤᠶᠢᠲᠤ ᠬᠤᠰᠢᠭᠤᠨ ᠤ  ᠴᠣᠭ᠋ᠥ᠌ᠨᠳᠥᠷ ᠪᠠᠯᠭᠠᠰᠤᠨ ᠳᠤ ᠬᠤᠪᠣᠷ ᠲᠣᠬᠢᠶᠠᠯᠳᠤᠬᠤ ᠲᠤᠶᠢᠯ ᠤᠨ ᠲᠤᠶᠠᠭ᠎ᠠ ᠢᠯᠡᠷᠡᠪᠡ᠃ ᠰᠦᠨᠢ ᠶᠢᠨ ᠣᠭᠲᠠᠷᠭᠤᠢ ᠳᠤ ᠴᠣᠷᠭᠢᠯ ᠭᠡᠷᠡᠯ ᠪᠠᠭᠠᠨ᠎ᠠ ᠣᠳᠣᠨ ᠣᠭᠲᠠᠷᠭᠤᠢ ᠶᠢ ᠳᠠᠭᠠᠵᠤ ᠲᠠᠰᠤᠷᠠᠯᠲᠠ ᠦᠭᠡᠢ ᠬᠤᠪᠢᠷᠠᠵᠤ ᠵᠡᠭᠦᠳᠦ ᠵᠡᠷᠭᠡᠯᠭᠡᠨ ᠮᠡᠲᠦ ᠦᠵᠡᠭᠳᠡᠨ᠎ᠡ᠃      ᠲᠦᠢᠯ ᠤᠨ ᠲᠤᠶᠠᠭ᠎ᠠ ᠪᠤᠯ ᠦᠨᠡᠨ ᠳᠡᠭᠡᠨ ᠳᠡᠯᠡᠬᠡᠶ ᠶᠢᠨ ᠰᠤᠷᠢᠨᠵᠢᠨ  ᠳᠣᠭᠰᠢᠷᠠᠯ ᠤᠨ ᠳᠠᠭᠠᠯᠲᠠ ᠪᠦᠲᠦᠭᠡᠭᠳᠡᠬᠦᠨ ᠮᠥᠨ᠃  ᠨᠠᠷᠠᠨ ᠤ ᠲᠢᠲᠢᠮ ᠪᠣᠳᠠᠰ ᠨᠢ ᠨᠠᠷᠠᠨ ᠤ ᠡᠨᠧᠷᠭᠢ ᠶᠢ ᠠᠪᠴᠤ ᠳᠡᠯᠡᠬᠡᠢ ᠶᠢᠨ ᠪᠥᠮᠪᠥᠷᠴᠡᠭ ᠲᠠᠢ  ᠤᠴᠠᠷᠠᠭᠰᠠᠨ ᠤ ᠳᠠᠷᠠᠭ᠎ᠠ᠂ ᠲᠡᠭᠦᠨ ᠤ ᠳᠣᠲᠣᠷᠠᠬᠢ ᠨᠢᠭᠡ ᠬᠡᠰᠡᠭ ᠨᠢ ᠳᠡᠯᠡᠬᠡᠢ ᠶᠢᠨ ᠪᠥᠮᠪᠥᠷᠴᠡᠭ ᠤᠨ ᠰᠣᠷᠢᠨᠵᠢᠨ ᠣᠷᠣᠨ ᠠᠴᠠ ᠬᠤᠶᠠᠷ ᠲᠤᠶᠢᠯ  ᠲᠡᠰᠢ ᠣᠷᠣᠬᠤ ᠶᠢᠨ ᠬᠠᠮᠲᠤ᠂ ᠭᠠᠵᠠᠷ ᠤᠨ ᠭᠠᠳᠠᠷᠭᠤ ᠳᠤ 100 - 400 ᠮᠧᠲᠷ ᠥᠨᠳᠥᠷ ᠠᠭᠠᠷ ᠮᠠᠨᠳᠠᠯ ᠤᠨ ᠳᠠᠪᠬᠤᠷᠭ᠎ᠠ ᠲᠠᠢ ᠮᠥᠷᠭᠦᠯᠳᠦᠵᠦ᠂ ᠮᠥᠷᠭᠦᠯᠳᠦᠬᠦ ᠶᠠᠪᠤᠴᠠ ᠳᠤ ᠡᠨᠧᠷᠭᠢ ᠶᠢᠨ ᠰᠣᠯᠢᠯᠴᠠᠭ᠎ᠠ ᠬᠢᠨ᠎ᠡ᠃ ᠡᠳᠡᠭᠡᠷ  ᠡᠨᠧᠷᠭᠢ ᠨᠢ ᠠᠭᠠᠷ ᠮᠠᠨᠳᠠᠯ ᠤᠨ ᠠᠲ᠋ᠤᠮ ᠪᠠ ᠮᠤᠯᠧᠺᠦ᠋ᠯ ᠤᠨ ᠭᠠᠳᠠᠨᠠᠬᠢ ᠡᠯᠧᠺᠲᠷᠤᠨ ᠰᠢᠩᠭᠡᠭᠡᠯᠲᠡ ᠶᠢᠨ ᠳᠠᠷᠠᠭ᠎ᠠ  ᠲᠦ᠋ᠷᠭᠡᠨ ᠢᠯᠭᠠᠷᠠᠵᠤ᠂ ᠲᠠᠯᠪᠢᠵᠤ ᠭᠠᠷᠬᠠᠭᠰᠠᠨ ᠤᠢᠷ᠎ᠠ ᠳ᠋ᠦ᠋ᠩ ᠨᠢ  ᠲᠤᠶᠢᠯ ᠤᠨ ᠲᠤᠶᠠᠭ᠎ᠠ ᠮᠥᠨ᠃
 
ᠢᠷᠡᠯᠲᠡ᠄ ᠪᠠᠶᠠᠨᠨᠠᠭᠤᠷ ᠤᠨ ᠰᠣᠨᠢᠨ ᠮᠡᠳᠡᠭᠡᠨ ᠤ ᠰᠦᠯᠵᠢᠶ᠎ᠡ