ᠮᠣᠩᠭᠤᠯᠴᠤᠳ ᠤᠨ ᠬᠡᠯᠡ ᠶᠠᠷᠢᠶᠠᠨ ᠤ ᠲᠤᠬᠠᠢ ᠴᠡᠭᠡᠷ ᠶᠣᠰᠣᠨ ︵  ᠬᠤᠶᠠᠷ︶
ᠨᠡᠶᠢᠲᠡᠯᠡᠭᠰᠡᠨ ᠴᠠᠭ᠄
2024/6/17
      ᠮᠣᠩᠭᠤᠯᠴᠤᠳ ᠡᠷᠲᠡ ᠦᠶ᠎ᠡ ᠳᠤ ᠠᠪᠤ ᠡᠵᠢ ᠦᠭᠡᠢ ᠪᠣᠯᠣᠭᠰᠠᠨ ᠪᠣᠯ ᠬᠦᠨᠳᠦᠳᠬᠡᠯ ᠦᠭᠡ ᠪᠠᠷ ︽  ᠪᠤᠷᠬᠠᠨ︾ ᠪᠣᠯᠪᠠ ᠭᠡᠳᠡᠭ᠃ ᠬᠠᠭᠠᠳ ᠨᠣᠶᠠᠳ ᠦᠭᠡᠢ ᠪᠣᠯᠣᠭᠰᠠᠨ ᠪᠣᠯ ᠬᠦᠨᠳᠦᠳᠬᠡᠯ ᠦᠭᠡ ᠪᠠᠷ ᠲᠠᠭᠠᠯᠠᠯ ᠲᠡᠭᠦᠰᠪᠡ ᠭᠡᠳᠡᠭ᠃ ᠭᠡᠭᠡᠨ ᠬᠤᠪᠢᠯᠭᠠᠨ ᠨᠠᠰᠤ ᠪᠠᠷᠠᠭᠰᠠᠨ ᠪᠣᠯ ᠬᠦᠨᠳᠦᠳᠬᠡᠯ ᠦᠭᠡ ᠪᠠᠷ ᠨᠢᠷᠸᠠᠨ ᠳᠥᠷᠢ ᠦᠵᠡᠭᠦᠯᠪᠡ ᠭᠡᠳᠡᠭ ᠪᠠᠶᠢᠵᠠᠢ᠃ ᠬᠠᠷᠢᠨ ︽ᠦᠬᠦᠪᠡ︾ ᠭᠡᠵᠦ ᠬᠡᠯᠡᠬᠦ ᠶᠢ ᠡᠷᠡᠰ ᠴᠡᠭᠡᠷᠯᠡᠭᠰᠡᠭᠡᠷ ᠢᠷᠡᠵᠡᠢ᠃      ᠮᠣᠩᠭᠤᠯᠴᠤᠳ ᠨᠠᠰᠤᠲᠠᠨ ᠪᠤᠭᠤᠷᠤᠯᠴᠤᠳ ᠢ ︽ᠥᠨᠳᠥᠷ ᠨᠠᠰᠤ ᠵᠣᠭᠤᠭᠯᠠᠪᠠ︾᠂ ︽ᠥᠨᠳᠥᠷ ᠨᠠᠰᠤᠨ ᠪᠤᠶᠠᠨ ᠬᠦᠷᠲᠡᠯ᠎ᠡ︾ ᠭᠡᠳᠡᠭ᠃ ᠬᠠᠷᠢᠨ ᠥᠨᠳᠥᠷ ᠨᠠᠰᠤᠯᠠᠪᠠ ᠭᠡᠵᠦ ᠬᠡᠯᠡᠬᠦ ᠶᠢ ᠴᠡᠭᠡᠷᠯᠡᠵᠦ ᠪᠠᠶᠢᠵᠠᠢ᠃ ᠥᠨᠳᠥᠷ ᠨᠠᠰᠤᠯᠠᠭᠰᠠᠨ ᠬᠥᠮᠦᠨ ᠢ ︽ᠥᠨᠳᠥᠷ ᠨᠠᠰᠤ ᠬᠦᠷᠲᠡᠯ᠎ᠡ︾ ᠭᠡᠳᠡᠭ ᠨᠢ ︽ᠨᠠᠰᠤᠯᠠᠪᠠ︾ ᠭᠡᠵᠦ ᠬᠡᠯᠡᠬᠦ ᠠᠴᠠ ᠵᠠᠶᠢᠯᠠᠰᠬᠢᠭ᠍ᠰᠡᠨ ᠤᠴᠢᠷ ᠪᠣᠯᠬᠤ ᠶᠤᠮ᠃ ᠵᠠᠷᠢᠮ ᠨᠤᠲᠤᠭ ᠲᠤ ᠥᠨᠳᠥᠷ ᠨᠠᠰᠤᠲᠠᠨ ᠬᠥᠮᠦᠰ ᠦᠨᠡᠨ ᠨᠠᠰᠤ ᠪᠠᠨ ᠶᠡᠷᠦ ᠠᠴᠠ ᠬᠡᠯᠡᠳᠡᠭ ᠦᠭᠡᠢ ᠵᠠᠩᠰᠢᠯ ᠲᠠᠢ᠂ ᠵᠠᠷᠢᠮ ᠨᠤᠲᠤᠭ ᠲᠤ ᠨᠠᠰᠤᠲᠠᠨ ᠬᠥᠮᠦᠰ ᠢ ︽ᠥᠲᠡᠯᠦᠯ᠎ᠡ︾ ᠭᠡᠵᠦ ᠬᠡᠯᠡᠪᠡᠯ ᠶᠡᠬᠡᠯ᠎ᠡ ᠡᠪ ᠦᠭᠡᠶᠢᠷᠡᠵᠦ ᠳᠤᠷ᠎ᠠ ᠦᠭᠡᠶᠢᠴᠡᠳᠡᠭ ᠶᠤᠮ᠃ ᠬᠠᠷᠢᠨ ᠢᠳᠡᠷ ᠨᠠᠰᠤᠨ ᠳᠠᠭᠠᠨ ᠶᠠᠪᠤᠵᠤ ᠪᠠᠶᠢᠨ᠎ᠠ ᠭᠡᠪᠡᠯ ᠶᠡᠬᠡᠯ᠎ᠡ ᠪᠠᠶᠠᠷᠯᠠᠳᠠᠭ ᠵᠠᠩᠰᠢᠯ ᠲᠠᠢ᠃ ᠮᠥᠨᠴᠦ ᠤᠨᠲᠠᠬᠤ ᠬᠡᠪᠲᠡᠬᠦ ᠶᠢ ᠤᠭ ᠦᠭᠡ ᠪᠠᠷ ᠨᠢ ᠬᠡᠯᠡᠬᠦ ᠦᠭᠡᠢ ᠵᠠᠩᠰᠢᠯ ᠲᠠᠢ᠃ ᠬᠠᠷᠢᠨ ︽ᠨᠣᠶᠢᠷᠰᠣᠬᠤ︾᠂ ︽ᠠᠮᠠᠷᠠᠬᠤ︾᠂ ︽ᠵᠢᠷᠭᠠᠬᠤ︾᠂ ︽ᠬᠠᠵᠠᠭᠤᠯᠠᠬᠤ︾ ᠭᠡᠵᠦ ᠬᠦᠨᠳᠦᠳᠬᠡᠯ ᠲᠠᠢ ᠶᠠᠷᠢᠳᠠᠭ᠃ ᠴᠠᠢ ᠤᠤᠭᠤ᠂ ᠬᠤᠭᠤᠯᠠ ᠢᠳᠡ ᠭᠡᠵᠦ ᠣᠯᠠᠩᠬᠢ ᠳᠠᠭᠠᠨ ᠬᠡᠯᠡᠳᠡᠭ ᠦᠭᠡᠢ᠃ ᠬᠠᠷᠢᠨ ︽ᠴᠠᠢ ᠬᠤᠭᠤᠯᠠ ᠵᠣᠭᠤᠭᠯᠠ︾ ᠭᠡᠵᠦ ᠶᠠᠷᠢᠳᠠᠭ᠃ ᠢᠳᠡᠯ᠎ᠡ ᠰᠢᠦ᠂ ᠤᠤᠭᠤᠯ᠎ᠠ ᠰᠢᠦ ᠭᠡᠬᠦ ᠦᠭᠡ ᠶᠢ ︽ᠬᠦᠷᠲᠡᠪᠡ᠂ ᠬᠦᠷᠲᠡᠴᠢᠬᠡᠯ᠎ᠡ︾᠂ ︽ᠵᠣᠭᠤᠭᠯᠠᠯ᠎ᠠ︾ ᠭᠡᠵᠦ ᠬᠦᠨᠳᠦᠳᠬᠡᠨ ᠬᠡᠯᠡᠳᠡᠭ ᠶᠣᠰᠣ ᠲᠠᠢ᠃ ᠨᠠᠰᠤ ᠪᠠᠷᠠᠭᠰᠠᠨ ᠬᠥᠮᠦᠨ ᠤ ᠬᠡᠭᠦᠷ ᠢ ᠲᠦᠯᠡᠬᠦ ᠰᠢᠲᠠᠭᠠᠬᠤ ᠭᠡᠵᠦ ᠬᠡᠯᠡᠬᠦ ᠶᠢ ᠴᠡᠭᠡᠷᠯᠡᠵᠦ ᠣᠯᠠᠩᠬᠢ ᠳᠠᠭᠠᠨ ︽ᠬᠠᠶᠢᠯᠭᠠᠬᠤ︾᠂ ︽ᠳᠡᠭᠳᠡᠭᠡᠬᠦ︾ ᠭᠡᠵᠦ ᠬᠦᠨᠳᠦᠳᠬᠡᠨ ᠶᠠᠷᠢᠳᠠᠭ᠃ ᠬᠠᠮᠲᠤ ᠶᠠᠪᠤᠬᠤ᠂ ᠬᠠᠮᠲᠤ ᠪᠠᠶᠢᠬᠤ᠂ ᠳᠠᠭᠠᠵᠤ ᠶᠠᠪᠤᠬᠤ ᠶᠢ ᠬᠦᠨᠳᠦᠳᠬᠡᠨ ︽ᠪᠠᠷ᠎ᠠ ᠪᠣᠯᠬᠤ︾ ᠭᠡᠵᠦ ᠶᠠᠷᠢᠳᠠᠭ᠃ ᠮᠠᠮᠠ ᠨᠠᠷ ᠲᠤ ᠬᠤᠭᠤᠯᠠ ᠤᠮᠳᠠ ᠪᠠᠷᠢᠬᠤ ᠳᠠᠭᠠᠨ ︽ᠮᠠᠩᠵᠠ᠂ ᠴᠠᠪ︾ ᠭᠡᠵᠦ ᠬᠦᠨᠳᠦᠳᠬᠡᠨ ᠶᠠᠷᠢᠳᠠᠭ᠃ ᠤᠴᠠᠷᠠᠨ ᠵᠣᠯᠭᠠᠵᠤ ᠰᠠᠯᠤᠯᠴᠠᠬᠤ ᠦᠶᠡᠰ ︽ᠬᠠᠮᠤᠭ ᠰᠡᠭᠦᠯ ᠤᠨ ᠤᠳᠠᠭ᠎ᠠ ᠨᠢᠭᠤᠷ ᠤᠴᠠᠷᠠᠯ᠎ᠠ︾᠂ ︽ᠡᠴᠦᠰ ᠤᠨ ᠤᠳᠠᠭ᠎ᠠ ᠵᠣᠯᠭᠠᠯ᠎ᠠ︾ ᠭᠡᠬᠦ ᠦᠭᠡᠰ ᠢ ᠴᠡᠭᠡᠷᠯᠡᠳᠡᠭ᠃ ᠶᠠᠷᠢᠶ᠎ᠠ ᠢᠯᠡᠳᠬᠡᠯ ᠬᠢᠭᠰᠡᠨ ᠴᠤ ︽ᠬᠠᠮᠤᠭ ᠰᠡᠭᠦᠯ ᠳᠤᠨᠢ︾᠂ ︽ᠡᠴᠦᠰ ᠲᠤᠨᠢ︾ ᠭᠡᠵᠦ ᠶᠠᠷᠢᠬᠤ ᠶᠢ ᠴᠡᠭᠡᠷᠯᠡᠳᠡᠭ᠃ ᠮᠣᠩᠭᠤᠯ ᠬᠥᠮᠦᠨ ︽ᠦᠬᠦᠬᠦ︾ ᠪᠠ ︽ᠦᠭᠡᠢ︾᠎ ᠶᠢ ᠴᠡᠭᠡᠷᠯᠡᠳᠡᠭ᠃ ᠡᠷᠲᠡᠨ ᠤ ᠦᠭᠡᠨ ᠳᠤ ︽ᠡᠳᠦᠷ ᠤᠨ ᠭᠤᠷᠪᠠ ᠦᠬᠦᠬᠦ ᠶᠢ ᠬᠡᠯᠡᠳᠡᠭ ᠦᠭᠡᠢ᠃ ᠡᠳᠦᠷ ᠤᠨ ᠭᠤᠷᠪᠠ ᠦᠭᠡᠢ ᠶᠢ ᠶᠠᠷᠢᠳᠠᠭ ᠦᠭᠡᠢ︾ ᠭᠡᠳᠡᠭ ᠵᠦᠢᠷ ᠦᠭᠡ ᠪᠠᠶᠢᠳᠠᠭ᠃ ᠠᠷᠢᠬᠢ ᠶᠢ ᠰᠢᠭᠤᠳ ᠨᠡᠷ᠎ᠡ ᠶᠢ ᠨᠢ ᠬᠡᠯᠡᠬᠦ ᠶᠢ ᠴᠡᠭᠡᠷᠯᠡᠵᠦ ︽ᠰᠠᠷᠬᠤᠳ︾ ᠭᠡᠵᠦ ᠬᠦᠨᠳᠦᠳᠬᠡᠨ ᠶᠠᠷᠢᠳᠠᠭ᠃      ᠮᠣᠩᠭᠤᠯᠴᠤᠳ ᠤᠨ ᠡᠳᠦᠷ ᠲᠤᠲᠤᠮ ᠤᠨ ᠦᠭᠡ ᠶᠠᠷᠢᠶ᠎ᠠ᠂ ᠦᠢᠯᠡ ᠬᠥᠳᠡᠯᠭᠡᠭᠡᠨ ᠤ ᠳᠤᠮᠳᠠ ᠬᠡᠯᠡᠵᠦ ᠬᠡᠷᠡᠭᠯᠡᠵᠦ ᠪᠠᠶᠢᠳᠠᠭ ᠪᠣᠯᠪᠠᠴᠤ ᠣᠳᠣᠬᠠᠨ ᠳᠤ ᠵᠢᠷᠤᠮᠯᠠᠳᠠᠭ᠂ ᠬᠡᠷᠡᠭᠯᠡᠳᠡᠭ ᠬᠥᠮᠦᠰ ᠬᠤᠪᠣᠷᠳᠠᠭᠠᠳ᠂ ᠰᠡᠳᠬᠢᠬᠦᠢ ᠡᠭᠡᠳᠡᠷᠡᠵᠦ᠂ ᠬᠡᠯᠡ ᠶᠠᠳᠠᠭᠤᠷᠠᠵᠤ᠂ ᠬᠤᠯᠢᠮᠠᠭ ᠬᠡᠯᠡ ᠣᠯᠠᠰᠢᠷᠠᠵᠤ᠂ ᠮᠣᠩᠭᠤᠯ ᠵᠠᠩ ᠳᠠᠳᠬᠠᠯ ᠢᠪᠴᠤᠷᠠᠵᠤ ᠪᠠᠶᠢᠭ᠎ᠠ ᠨᠢ ᠲᠤᠶᠢᠯ ᠤᠨ ᠬᠠᠷᠠᠮᠰᠠᠯᠲᠠᠢ ᠰᠠᠨᠠᠭᠳᠠᠨ᠎ᠠ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ