ᠤᠷᠠᠳ ᠤᠨ ᠬᠤᠶᠢᠳᠤ ᠬᠤᠰᠢᠭᠤ ᠡᠯᠡᠰᠦᠨ ᠴᠥᠯ ᠢ ᠪᠠᠶᠠᠨ ᠪᠦᠷᠢᠳᠦ ᠪᠣᠯᠭᠠᠨ ᠬᠤᠪᠢᠷᠠᠭᠤᠯᠵᠤ ᠠᠮᠢ ᠠᠬᠤᠢ ᠶᠢᠨ ᠤᠷᠴᠢᠨ ᠲᠤᠭᠤᠷᠢᠨ ᠢ ᠰᠢᠯᠢᠳᠡᠭᠵᠢᠬᠦᠯᠤᠨ᠎ᠠ
ᠨᠡᠶᠢᠲᠡᠯᠡᠭᠰᠡᠨ ᠴᠠᠭ᠄
2024/6/28
      ᠤᠷᠠᠳ ᠤᠨ ᠬᠤᠶᠢᠳᠤ ᠬᠤᠰᠢᠭᠤ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠮᠠᠷᠠᠲᠤ ᠬᠡᠰᠡᠭ ᠤᠨ ᠬᠢᠯᠢ ᠬᠢᠵᠠᠭᠠᠷ ᠲᠤ ᠪᠠᠶᠢᠷᠢᠯᠠᠵᠤ᠂ ᠭᠤᠪᠢ ᠶᠢᠨ ᠡᠯᠡᠰᠦᠨ ᠴᠦᠯ ᠤᠨ ᠭᠠᠵᠠᠷ ᠤᠨ ᠪᠠᠶᠢᠴᠠ ᠪᠠᠷ ᠭᠤᠣᠯ ᠪᠣᠯᠭᠠᠭᠰᠠᠨ ᠬᠤᠰᠢᠭᠤ ᠰᠢᠶᠠᠨ ᠪᠣᠯᠣᠨ᠎ᠠ᠂ ᠬᠡᠷᠬᠢᠨ ᠶᠡᠭᠡ ᠭᠤᠪᠢ ᠳᠤ ᠦᠨᠳᠦᠰᠦᠯᠡᠵᠦ᠂ ᠠᠵᠤ ᠠᠬᠤᠢ ᠨᠡᠶᠢᠭᠡᠮ ᠪᠣᠯᠣᠨ ᠠᠮᠢ ᠠᠬᠤᠢ ᠶᠢᠨ ᠣᠷᠴᠢᠨ ᠲᠣᠭᠤᠷᠢᠨ ᠤ ᠡᠶ᠎ᠡ ᠵᠣᠬᠢᠴᠠᠩᠭᠤᠢ ᠬᠥᠭᠵᠢᠯᠲᠡ ᠶᠢ ᠪᠡᠶᠡᠯᠡᠭᠦᠯᠬᠦ ᠪᠤᠯ ᠢᠮᠠᠭᠲᠠ ᠴᠢᠬᠤᠯᠠᠴᠢᠯᠠᠬᠤ ᠰᠡᠳᠦᠪ ᠪᠤᠯᠬᠤ ᠶᠤᠮ᠃       ︽ᠡᠯᠡᠰᠦ ᠤᠷᠤᠭᠰᠢᠯᠠᠵᠤ ᠬᠥᠮᠥᠨ ᠤᠬᠤᠷᠢᠵᠤ︾ ᠪᠠᠶᠢᠭᠰᠠᠨ ᠠᠴᠠ ︽ᠬᠥᠮᠥᠨ ᠤᠷᠤᠭᠰᠢᠯᠠᠵᠤ ᠡᠯᠡᠰᠦ ᠤᠬᠤᠷᠢᠭᠰᠠᠨ︾ ᠬᠦᠷᠲᠡᠯ᠎ᠡ᠂ ᠤᠷᠠᠳ ᠤᠨ ᠬᠤᠶᠢᠲᠤ ᠬᠤᠰᠢᠭᠤᠨ ᠤ ᠪᠠᠶᠠᠠᠴᠢᠠᠲᠠᠮᠤᠨᠢ ᠰᠤᠮᠤ ᠶᠢᠨ ᠪᠠᠶᠠᠨᠴᠠᠭᠠᠨ ᠭᠠᠴᠠᠭ᠎ᠠ ᠶᠢᠨ ᠨᠠᠮ ᠤᠨ ᠡᠭᠦᠷ ᠤᠨ ᠱᠦᠵᠢ ᠪᠦᠦ ᠢᠦᠢ ᠡᠨᠡ ᠭᠤᠷᠪᠠᠨ ᠵᠢᠯ ᠳᠤ ︽ᠡᠯᠡᠰᠦᠨ ᠴᠦᠯ ᠢ ᠨᠣᠭᠤᠭᠠᠨ ᠪᠦᠷᠢᠳᠦ ᠪᠣᠯᠭᠠᠬᠤ︾ ᠢᠲᠡᠭᠡᠯ ᠵᠣᠷᠢᠭ ᠢ ᠡᠪᠦᠷᠯᠡᠨ ᠡᠯᠡᠰᠦᠨ ᠴᠦᠯ ᠳᠤ ᠡᠯᠡᠰᠦ ᠶᠢ ᠵᠠᠰᠠᠭᠰᠠᠨ ᠭᠠᠶᠢᠬᠠᠮᠰᠢᠭ ᠢ ᠡᠭᠦᠳᠴᠡᠢ᠃ ᠵᠤᠨ ᠤ ᠳᠤᠮᠳᠠ ᠰᠠᠷ᠎ᠠ ᠳᠤ᠂ ᠰᠤᠷᠪᠤᠯᠵᠢᠯᠠᠭᠴᠢ ᠪᠦᠦ ᠢᠦᠢ ᠶᠢᠨ ᠠᠯᠬᠤᠭ᠎ᠠ ᠪᠠᠷ ᠪᠠᠶᠠᠨᠴᠠᠭᠠᠨ ᠭᠠᠴᠠᠭ᠎ᠠ ᠶᠢᠨ ᠵᠠᠭ ᠤᠨ ᠲᠠᠷᠢᠮᠠᠯ ᠤᠨ ᠰᠠᠭᠤᠷᠢᠨ ᠳᠤ ᠬᠦᠷᠬᠦ ᠳᠤ᠂ 9 ᠲᠦᠮᠡᠨ ᠮᠦ  ᠵᠠᠭ ᠤᠨ ᠲᠠᠷᠢᠮᠠᠯ ᠨᠢ ᠬᠦᠪᠡᠭᠡ ᠬᠢᠵᠠᠭᠠᠷ ᠦᠭᠡᠢ ᠬᠠᠷᠠᠭᠲᠠᠵᠤ᠂ ᠡᠯᠡᠰᠦᠨ ᠳᠤᠪᠤ ᠨᠢ ᠨᠣᠭᠤᠭᠠᠨ ᠥᠩᠭᠡ ᠪᠠᠷ ᠪᠢᠯᠬᠠᠬᠰᠠᠨ ᠵᠠᠭ ᠤᠨ ᠮᠣᠳᠣᠨ ᠳᠤ ᠪᠦᠷᠬᠦᠭᠳᠡᠵᠦ ᠪᠠᠶᠢᠯ᠎ᠠ᠃ ᠪᠠᠶᠠᠨᠴᠠᠭᠠᠨ ᠭᠠᠴᠠᠭ᠎ᠠ ᠶᠢᠨ ᠮᠠᠯᠴᠢᠳ ᠲᠠᠯ᠎ᠠ ᠨᠤᠲᠤᠭ ᠪᠣᠯᠣᠨ ᠠᠮᠢ ᠠᠬᠤᠢ ᠶᠢᠨ ᠣᠷᠴᠢᠨ ᠲᠣᠭᠤᠷᠢᠨ ᠢ ᠬᠠᠮᠠᠭᠠᠯᠠᠬᠤ ᠪᠣᠯ ᠮᠠᠰᠢ ᠴᠢᠬᠤᠯᠠ ᠶᠠᠪᠤᠳᠠᠯ ᠪᠣᠯᠣᠨ᠎ᠠ ᠭᠡᠳᠡᠭ ᠢ ᠠᠭᠠᠵᠢᠮ ᠢᠶᠠᠷ ᠲᠠᠨᠢᠵᠤ ᠣᠯᠣᠭᠰᠠᠨ ᠪᠠᠶᠢᠨ᠎ᠠ᠃ ᠪᠠᠶᠠᠨᠴᠠᠭᠠᠨ ᠭᠠᠴᠠᠭ᠎ᠠ ᠶᠢᠨ ᠨᠠᠮ ᠤᠨ ᠡᠭᠦᠷ ᠤᠨ ᠳᠠᠭᠠᠭᠤᠯᠭ᠎ᠠ ᠪᠠᠷ᠂ ᠵᠣᠬᠢᠶᠠᠨ ᠪᠠᠶᠢᠭᠤᠯᠤᠯᠲᠠ ᠶᠢᠨ ᠬᠤᠷᠠᠯ ᠬᠤᠷᠠᠯᠳᠤᠭᠤᠯᠵᠤ᠂ ᠠᠵᠢᠯ ᠬᠢᠵᠦ ᠦᠷ᠎ᠡ ᠠᠰᠢᠭ ᠢ ᠦᠵᠡᠵᠦ᠂ ᠭᠠᠳᠠᠭᠰᠢ ᠭᠠᠷᠴᠤ ᠰᠢᠨᠵᠢᠯᠡᠨ ᠪᠠᠶᠢᠴᠠᠭᠠᠵᠤ᠂ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠲᠦᠷᠦᠯ ᠵᠦᠢᠯ ᠢ ᠣᠯᠬᠤ ᠪᠠᠷ ᠢᠳᠡᠪᠬᠢᠲᠡᠢ ᠴᠢᠷᠮᠠᠶᠢᠭᠰᠠᠨ ᠢᠶᠠᠷ᠂ 2022 ᠣᠨ ᠠᠴᠠ ᠡᠬᠢᠯᠡᠨ ᠪᠠᠶᠢᠭᠠᠯᠢ ᠶᠢᠨ ᠵᠠᠭ ᠤᠨ ᠤᠢ ᠳᠤ 7000 ᠮᠦ ᠴᠠᠭᠠᠨ ᠭᠤᠶᠣᠣ ᠲᠠᠷᠢᠵᠦ᠂ ᠨᠢᠳᠤᠨᠤᠨ ᠨᠡᠩ ᠴᠤ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ ᠪᠠᠶᠢᠭᠠᠳ ᠵᠠᠭ ᠲᠠᠷᠢᠬᠤ ᠲᠠᠯᠠᠪᠠᠢ ᠶᠢ 2.5 ᠲᠦᠮᠡᠨ ᠮᠦ ᠪᠣᠯᠭᠠᠨ ᠥᠷᠭᠡᠳᠬᠡᠵᠦ᠂ ᠨᠢᠳᠤᠨᠤᠨ ᠵᠢᠯ ᠤᠨ ᠵᠠᠭ ᠲᠠᠷᠢᠬᠤ ᠨᠤᠷᠮ᠎ᠠ ᠶᠢ 90% ᠲᠤ ᠬᠦᠷᠭᠡᠪᠡ᠃      ᠣᠳᠣᠬᠠᠨ ᠳᠤ ᠪᠠᠶᠠᠨᠴᠠᠭᠠᠨ ᠭᠠᠴᠠᠭ᠎ᠠ ᠳᠤ ᠨᠡᠶᠢᠲᠡ 9 ᠲᠦᠮᠡᠨ ᠮᠦ ᠵᠠᠭ ᠳᠠᠷᠢᠵᠤ᠂ 7000 ᠮᠦ ᠠᠴᠠ 9 ᠲᠦᠮᠡᠨ ᠮᠦ ᠵᠠᠭ ᠤᠨ ᠣᠶ ᠪᠠ ᠴᠠᠭᠠᠨ ᠭᠤᠶᠣᠣ ᠳᠠᠷᠢᠵᠤ ᠪᠠᠶᠢᠨ᠎ᠠ᠂ ᠡᠨᠡ ᠭᠤᠷᠪᠠᠨ ᠵᠢᠯ ᠳᠤ 10 ᠳᠠᠬᠢᠨ ᠲᠦᠷᠭᠡᠨ ᠢᠶᠠᠷ ᠨᠡᠮᠡᠭᠳᠡᠭᠰᠡᠨ ᠤ ᠠᠷᠤ ᠳᠤ ᠪᠣᠶ ᠪᠦᠬᠦᠢ ᠪᠠᠶᠠᠨᠴᠠᠭᠠᠨ ᠭᠠᠴᠠᠭ᠎ᠠ ᠶᠢᠨ ᠮᠠᠯᠴᠢᠳ ᠤᠨ ᠡᠯᠡᠰᠦ ᠶᠢ ᠵᠠᠰᠠᠵᠤ ᠨᠣᠭᠤᠭᠠᠷᠠᠭᠤᠯᠬᠤ ᠵᠠᠮ ᠢᠶᠠᠷ ᠬᠦᠴᠢᠷ ᠪᠡᠷᠬᠡ ᠶᠢ ᠰᠥᠷᠦᠨ ᠤᠷᠤᠭᠰᠢᠯᠠᠬᠤ ᠰᠥᠰᠥ ᠵᠣᠷᠢᠭ᠂ ᠡᠳᠦᠷ ᠠᠴᠠ ᠡᠳᠦᠷ ᠰᠢᠷᠭᠠᠭᠤ ᠬᠠᠲᠠᠭᠤᠵᠢᠯᠲᠠᠢ ᠠᠵᠢᠯᠯᠠᠵᠤ᠂ ᠡᠯᠡᠰᠦᠨ ᠴᠥᠯ ᠳᠤ ᠰᠢᠷᠭᠠᠭᠤ ᠬᠠᠲᠠᠭᠤᠵᠢᠯᠲᠠᠢ ᠠᠵᠢᠯᠯᠠᠵᠤ ᠪᠠᠶᠢᠭᠠᠳ ᠲᠤᠰᠢᠶᠠᠭᠰᠠᠨ ᠬᠢᠷᠢ ᠪᠦᠲᠦᠮᠵᠢ ᠶᠢᠨ ᠬᠠᠭᠤᠳᠠᠰᠤ ᠪᠣᠶ᠃      ᠣᠳᠣᠬᠠᠨ ᠳᠤ ᠪᠠᠶᠠᠠᠴᠢᠠᠲᠠᠮᠤᠨᠢ ᠰᠤᠮᠤᠨ ᠤ 20 ᠲᠦᠮᠡᠨ ᠮᠦ ᠲᠠᠯᠠᠪᠠᠢ ᠳᠤ᠂ ᠵᠠᠭ ᠮᠤᠳᠤ 14.2 ᠲᠦᠮᠡᠨ ᠮᠦ᠂ ᠨᠢᠮᠪᠡᠭᠡᠲᠦ 5 ᠲᠦᠮᠡᠨ ᠮᠦ᠂ ᠴᠠᠭᠠᠨ ᠭᠤᠶᠣᠣ 0.8 ᠲᠦᠮᠡᠨ ᠮᠦ ᠲᠠᠷᠢᠵᠤ᠂ ᠡᠯᠡᠰᠦᠷᠬᠡᠭᠵᠢᠯ ᠢ ᠵᠠᠰᠠᠬᠤ ᠠᠵᠤ ᠦᠢᠯᠡᠰ ᠪᠣᠯᠣᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠤᠶᠠᠯᠳᠤᠭᠤᠯᠤᠭᠰᠠᠨ ᠪᠣᠬᠢᠷᠲᠤᠯ ᠦᠭᠡᠢ ᠠᠵᠤ ᠠᠬᠤᠢ ᠶᠢᠨ ᠬᠡᠯᠬᠢᠶ᠎ᠡ ᠶᠢ ᠪᠣᠶ ᠪᠣᠯᠭᠠᠵᠤ᠂ ᠠᠮᠢ ᠠᠬᠤᠢ ᠶᠢᠨ ᠦᠷ᠎ᠡ ᠠᠰᠢᠭ ᠪᠣᠯᠣᠨ ᠠᠵᠤ ᠠᠬᠤᠢ ᠶᠢᠨ ᠦᠷ᠎ᠡ ᠠᠰᠢᠭ ᠤᠨ ᠬᠤᠣᠰ ᠠᠮᠵᠢᠯᠲᠠ ᠶᠢ ᠪᠡᠶᠡᠯᠡᠭᠦᠯᠦᠭᠰᠡᠨ ᠪᠠᠶᠢᠨ᠎ᠠ᠃ 
ᠢᠷᠡᠯᠲᠡ᠄ ᠤᠷᠠᠳ ᠤᠨ ᠬᠤᠶᠢᠲᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ