ᠰᠢᠨᠬᠤᠸᠠ ᠬᠤᠷᠢᠶ᠎ᠠ ᠶᠢᠨ ᠪᠡᠭᠡᠵᠢᠩ ᠤᠨ 6 ᠰᠠᠷ᠎ᠠ ᠶᠢᠨ 24 ᠤ ᠴᠠᠭᠢᠯᠭᠠᠨ ᠮᠡᠳᠡᠭᠡ 6 ᠰᠠᠷ᠎ᠠ ᠶᠢᠨ 24 ᠤ ᠦᠳᠡ ᠶᠢᠨ ᠬᠤᠶᠢᠨ᠎ᠠ᠂ ᠤᠯᠤᠰ ᠤᠨ | ᠲᠡᠷᠢᠭᠦᠯᠡᠭᠴᠢ ᠰᠢ ᠶᠢᠨ ᠫᠢᠩ ᠪᠡᠭᠡᠵᠢᠩ ᠤᠨ ᠠᠷᠠᠳ ᠤᠨ ᠶᠡᠭᠡ ᠬᠤᠷᠠᠯ ᠤᠨ ᠲᠠᠩᠬᠢᠮ ᠳᠤ ᠳᠤᠮᠳᠠᠳᠤ ᠤᠯᠤᠰ ᠲᠤ ᠲᠦᠷᠦ ᠶᠢᠨ ᠶᠠᠪᠤᠳᠠᠯ ᠤᠨ ᠠᠶᠢᠯᠴᠢᠯᠠᠯᠲᠠ | ᠬᠢᠬᠦ ᠪᠠᠷ ᠢᠷᠡᠭᠰᠡᠨ ᠫᠤᠯᠠᠨᠳ᠋ ᠤᠨ ᠶᠡᠷᠦᠩᠬᠡᠶᠢᠯᠡᠭᠴᠢ ᠳ᠋ᠦᠳᠠ ᠲᠠᠢ ᠬᠡᠯᠡᠯᠴᠡᠭᠡ ᠬᠢᠪᠡ᠃ | ᠰᠢ ᠶᠢᠨ ᠫᠢᠩ᠂ ᠫᠤᠯᠠᠨᠳ᠋ ᠪᠣᠯ ᠰᠢᠨ᠎ᠡ ᠳᠤᠮᠳᠠᠳᠤ ᠤᠯᠤᠰ ᠢ ᠬᠠᠮᠤᠭ ᠤᠨ ᠡᠷᠲᠡ ᠮᠡᠳᠡᠷᠡᠭᠰᠡᠨ ᠤᠯᠤᠰ ᠤᠨ ᠨᠢᠭᠡ ᠪᠣᠯᠣᠨ᠎ᠠ᠂ ᠡᠨᠡ ᠵᠢᠯ ᠪᠣᠯ ᠳᠤᠮᠳᠠᠳᠤ | ᠫᠤᠯᠠᠨᠳ᠋ ᠤᠨ ᠬᠠᠷᠢᠯᠴᠠᠭ᠎ᠠ ᠪᠠᠶᠢᠭᠤᠯᠤᠭᠰᠠᠨ 75 ᠵᠢᠯ ᠤᠨ ᠤᠢ ᠪᠣᠯᠣᠨ᠎ᠠ᠃ 75 ᠵᠢᠯ ᠤᠨ ᠲᠤᠷᠰᠢ ᠳᠤᠮᠳᠠᠳᠤ ᠫᠤᠯᠠᠨᠳ᠋ ᠤᠨ ᠬᠠᠷᠢᠯᠴᠠᠭ᠎ᠠ ᠢᠮᠠᠭᠲᠠ ᠲᠣᠭᠲᠠᠭᠤᠨ | ᠬᠥᠭᠵᠢᠯᠲᠡ ᠪᠠᠨ ᠪᠠᠲᠤᠯᠠᠪᠠ᠃ ᠢᠯᠠᠩᠭᠤᠶ᠎ᠠ 8 ᠵᠢᠯ ᠤᠨ ᠡᠮᠦᠨ᠎ᠡ ᠪᠢᠳᠡ ᠳᠤᠮᠳᠠᠳᠤ ᠫᠤᠯᠠᠨᠳ᠋ ᠤᠨ ᠬᠠᠷᠢᠯᠴᠠᠭ᠎ᠠ ᠶᠢ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ | ᠬᠠᠨᠢᠲᠠᠨ ᠤ ᠬᠠᠷᠢᠯᠴᠠᠭ᠎ᠠ ᠪᠣᠯᠭᠠᠨ ᠳᠡᠭᠡᠭᠰᠢᠯᠡᠭᠦᠯᠭᠦ ᠪᠠᠷ ᠲᠣᠭᠲᠠᠭᠰᠠᠨ ᠠᠴᠠ ᠨᠠᠭᠠᠰᠢ ᠬᠤᠶᠠᠷ ᠤᠯᠤᠰ ᠤᠨ ᠡᠯ᠎ᠡ ᠬᠦᠷᠢᠶᠡᠨ ᠳᠠᠬᠢ ᠰᠣᠯᠢᠯᠴᠠᠭ᠎ᠠ ᠬᠠᠮᠲᠤᠷᠠᠯᠴᠠᠭ᠎ᠠ | ᠪᠦᠭᠦ ᠲᠠᠯ᠎ᠠ ᠪᠠᠷ ᠥᠷᠭᠡᠵᠢᠨ ᠭᠦᠨᠵᠡᠭᠡᠶᠢᠷᠡᠵᠦ᠂ ᠬᠠᠮᠲᠤᠷᠠᠯᠴᠠᠭᠠᠨ ᠤ ᠦᠷ᠎ᠡ ᠪᠦᠲᠦᠭᠡᠯ ᠬᠤᠶᠠᠷ ᠤᠯᠤᠰ ᠤᠨ ᠠᠷᠠᠳ ᠲᠦᠮᠡᠨ ᠳᠤ ᠠᠰᠢᠭ ᠬᠦᠷᠲᠡᠭᠡᠪᠡ᠃ | ᠣᠳᠣᠬᠠᠨ ᠳᠤ ᠳᠡᠯᠡᠬᠡᠢ ᠶᠢᠨ ᠬᠤᠪᠢᠷᠠᠯᠲᠠ᠂ ᠴᠠᠭ ᠦᠶ᠎ᠡ ᠶᠢᠨ ᠬᠤᠪᠢᠷᠠᠯᠲᠠ᠂ ᠲᠡᠦᠬᠡ ᠶᠢᠨ ᠬᠤᠪᠢᠷᠠᠯᠲᠠ ᠶᠠᠭ ᠤᠷᠢᠳ ᠡᠮᠦᠨ᠎ᠡ ᠪᠠᠶᠢᠭ᠎ᠠ ᠦᠭᠡᠢ ᠭᠡᠯᠪᠡᠷᠢ ᠪᠠᠷ | ᠶᠠᠪᠤᠭᠳᠠᠵᠤ ᠪᠠᠶᠢᠨ᠎ᠠ᠃ ᠳᠤᠮᠳᠠᠳᠤ ᠤᠯᠤᠰ ᠳᠤᠷᠠᠲᠠᠶ᠎ᠠ ᠫᠤᠯᠠᠨᠳ᠋ ᠤᠨ ᠬᠢᠨ ᠲᠠᠢ ᠬᠠᠮᠲᠤ ᠪᠠᠷ ᠨᠠᠶᠢᠷᠠᠮᠳᠠᠯ ᠢᠶᠠᠷ ᠵᠡᠷᠭᠡᠴᠡᠨ ᠣᠷᠣᠰᠢᠬᠤ ᠲᠠᠪᠤᠨ ᠵᠠᠷᠴᠢᠮ ᠢ | ᠪᠠᠷᠢᠮᠲᠠᠯᠠᠵᠤ᠂ ᠬᠠᠷᠢᠯᠴᠠᠭ᠎ᠠ ᠪᠠᠶᠢᠭᠤᠯᠤᠭᠰᠠᠨ ᠤᠭ ᠰᠠᠨᠠᠭ᠎ᠠ ᠪᠠᠨ ᠪᠠᠷᠢᠮᠲᠠᠯᠠᠵᠤ᠂ ᠤᠯᠠᠮᠵᠢᠯᠠᠯᠲᠤ ᠨᠥᠬᠦᠷᠯᠡᠯ ᠢᠶᠠᠨ ᠦᠷᠭᠦᠯᠵᠢᠯᠡᠭᠦᠯᠵᠦ᠂ ᠬᠤᠶᠠᠷ ᠤᠯᠤᠰ ᠤᠨ | ᠬᠠᠷᠢᠯᠴᠠᠭ᠎ᠠ ᠶᠢᠨ ᠦᠷᠭᠦᠯᠵᠢᠯᠡᠨ ᠨᠡᠩ ᠥᠨᠳᠥᠷ ᠲᠦᠪᠰᠢᠨ ᠲᠡᠶᠢᠰᠢ ᠬᠥᠭᠵᠢᠬᠦ ᠶᠢ ᠠᠬᠢᠭᠤᠯᠵᠤ᠂ ᠤᠷᠪᠠᠭᠠᠨ ᠬᠥᠷᠪᠡᠭᠡᠨ ᠲᠠᠢ ᠳᠡᠯᠡᠬᠡᠢ ᠳ᠋ᠠᠬᠢᠨ ᠳᠤ ᠨᠡᠩ ᠤᠯᠠᠨ | ᠲᠣᠭᠲᠠᠪᠤᠷᠢᠲᠤ ᠴᠢᠨᠠᠷ ᠪᠠ ᠲᠣᠬᠲᠠᠭᠠᠯᠳᠤ ᠴᠢᠨᠠᠷ ᠨᠡᠮᠡᠷᠢᠯᠡᠨ᠎ᠡ ᠭᠡᠵᠦ ᠵᠢᠭᠠᠵᠤ ᠭᠠᠷᠭᠠᠵᠠᠢ᠃ | ᠰᠢ ᠶᠢᠨ ᠫᠢᠩ᠂ ᠳᠤᠮᠳᠠᠳᠤ ᠫᠤᠯᠠᠨᠳ᠋ ᠤᠨ ᠬᠠᠷᠢᠯᠴᠠᠭ᠎ᠠ ᠰᠠᠯᠬᠢ ᠪᠣᠷᠣᠭᠠᠨ ᠢ ᠲᠤᠭᠤᠯᠵᠤ ᠴᠢᠳᠠᠭᠰᠠᠨ ᠤ ᠵᠠᠩᠭᠢᠯᠠᠭ᠎ᠠ ᠨᠢ ᠬᠤᠶᠠᠷ ᠲᠠᠯ᠎ᠠ ᠪᠠᠷ ᠢᠶᠠᠨ ᠴᠥᠮ | ᠲᠣᠰ ᠦᠨᠳᠦᠰᠦᠲᠡᠨ ᠤ ᠪᠠᠨ ᠲᠡᠦᠬᠡ ᠰᠣᠶᠣᠯ ᠤᠨ ᠤᠯᠠᠮᠵᠢᠯᠠᠯ ᠠᠴᠠ ᠪᠠᠨ ᠣᠶᠤᠨ ᠤᠬᠠᠭᠠᠨ ᠪᠠ ᠬᠦᠴᠦᠨ ᠴᠢᠳᠠᠯ ᠣᠯᠵᠤ᠂ ᠪᠡᠶ᠎ᠡ ᠪᠠᠨ ᠳᠠᠭᠠᠭᠠᠵᠤ ᠡᠵᠡᠨ | ᠮᠡᠳᠡᠵᠦ ᠬᠤᠶᠠᠷ ᠲᠠᠯ᠎ᠠ ᠶᠢᠨ ᠨᠥᠭᠦᠷᠰᠡᠭ ᠬᠠᠷᠢᠯᠴᠠᠭ᠎ᠠ ᠶᠢ ᠬᠥᠭᠵᠢᠭᠦᠯᠬᠦ ᠶᠢ ᠪᠠᠷᠢᠮᠲᠠᠯᠠᠭᠰᠠᠨ ᠳᠤ ᠪᠠᠶᠢᠨ᠎ᠠ᠃ ᠬᠤᠶᠠᠷ ᠲᠠᠯ᠎ᠠ ᠪᠠᠷ ᠢᠶᠠᠨ ᠬᠠᠷᠢᠯᠴᠠᠨ ᠬᠦᠨᠳᠦᠳᠬᠡᠬᠦ᠂ | ᠡᠷᠬᠡ ᠲᠡᠭᠰᠢ ᠪᠠᠷ ᠬᠠᠨᠳᠤᠬᠤ᠂ ᠬᠠᠷᠢᠯᠴᠠᠨ ᠠᠰᠢᠭᠲᠠᠢ ᠪᠠᠷ ᠬᠠᠮᠲᠤᠷᠠᠯᠴᠠᠬᠤ᠂ ᠬᠠᠷᠢᠯᠴᠠᠨ ᠰᠣᠯᠢᠯᠴᠠᠵᠤ ᠬᠠᠷᠢᠯᠴᠠᠨ ᠲᠣᠯᠢ ᠪᠤᠯᠭᠠᠬᠤ ᠳᠤᠮᠳᠠᠳᠤ ᠫᠤᠯᠠᠨᠳ᠋ ᠤᠨ | ᠨᠥᠬᠦᠷᠯᠡᠯ ᠤᠨ ᠳᠣᠲᠣᠭᠠᠳᠤ ᠴᠥᠮ᠎ᠡ ᠶᠢ ᠦᠷᠭᠦᠯᠵᠢᠯᠡᠨ ᠪᠠᠷᠢᠮᠲᠠᠯᠠᠵᠤ᠂ ᠲᠤᠰ ᠲᠤᠰ ᠤᠨ ᠢᠶᠠᠨ ᠤᠯᠤᠰ ᠤᠨ ᠡᠷᠬᠡ ᠮᠡᠳᠡᠯ᠂ ᠠᠮᠤᠷ ᠲᠦᠪᠰᠢᠨ᠂ ᠬᠥᠭᠵᠢᠯᠲᠡ ᠶᠢᠨ | ᠠᠰᠢᠭ ᠲᠤᠰᠠ ᠪᠠᠨ ᠬᠠᠮᠠᠭᠠᠯᠠᠬᠤ ᠶᠢᠨ ᠲᠥᠯᠥᠭᠡ ᠭᠠᠷᠭᠠᠭᠰᠠᠨ ᠴᠢᠷᠮᠠᠶᠢᠯᠭ᠎ᠠ ᠶᠢ ᠣᠶᠢᠯᠠᠭᠠᠯᠴᠠᠨ ᠳᠡᠮᠵᠢᠯᠴᠡᠵᠦ᠂ ᠬᠦᠢᠲᠡᠨ ᠳᠠᠶᠢᠨ ᠤ ᠰᠡᠳᠬᠢᠬᠦᠢ᠂ ᠯᠡᠭᠧᠷ ᠤᠨ | ᠡᠰᠡᠷᠭᠦᠴᠡᠯᠳᠦᠯ ᠢ ᠬᠠᠮᠲᠤ ᠪᠠᠷ ᠡᠰᠡᠷᠭᠦᠴᠡᠵᠦ᠂ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠪᠠᠷ ᠭᠤᠣᠯ ᠪᠤᠯᠭᠠᠬᠰᠠᠨ ᠤᠯᠠᠨ ᠤᠯᠤᠰ ᠤᠨ ᠰᠢᠰᠲ᠋ᠧᠮ ᠢ | ᠬᠠᠮᠠᠭᠠᠯᠠᠵᠤ᠂ ᠡᠷᠬᠡ ᠲᠡᠭᠰᠢ ᠡᠮᠬᠢ ᠳᠢᠭᠯᠢᠮ ᠲᠠᠢ ᠳᠡᠯᠡᠬᠡᠢ ᠶᠢᠨ ᠤᠯᠠᠨ ᠲᠦᠢᠯᠵᠢᠯᠳᠡ ᠪᠠ ᠲᠦᠭᠡᠮᠡᠯ ᠭᠦᠷᠳᠡᠭᠡᠮᠵᠢᠳᠤ ᠪᠠᠭᠲᠠᠭᠠᠮᠵᠢᠲᠠᠢ ᠠᠵᠤ ᠠᠬᠤᠢ ᠶᠢᠨ | ᠳᠡᠯᠡᠬᠡᠶᠢᠵᠢᠯᠲᠡ ᠶᠢ ᠪᠠᠶᠢᠭᠤᠯᠬᠤ ᠶᠢ ᠠᠬᠢᠭᠤᠯᠤᠶ᠎ᠠ᠃ ᠬᠤᠶᠠᠷ ᠲᠠᠯ᠎ᠠ ᠪᠠᠷ ᠢᠶᠠᠨ ᠳᠤᠮᠳᠠᠳᠤ ᠫᠤᠯᠠᠨᠳ᠋ ᠤᠨ ᠵᠠᠰᠠᠭ ᠤᠨ ᠣᠷᠳᠣᠨ ᠤ ᠬᠤᠭᠤᠷᠣᠨᠳᠣᠭᠢ | ᠬᠠᠮᠲᠤᠷᠠᠯᠴᠠᠭᠠᠨ ᠤ ᠵᠥᠪᠯᠡᠯ ᠵᠡᠷᠭᠡ ᠲᠣᠭᠲᠠᠴᠠ ᠶᠢᠨ ᠲᠠᠪᠴᠠᠩ ᠢ ᠰᠠᠶᠢᠲᠤᠷ ᠠᠰᠢᠭᠯᠠᠵᠤ᠂ ᠡᠯ᠎ᠡ ᠬᠦᠷᠢᠶᠡᠨ ᠳᠠᠬᠢ ᠬᠠᠮᠲᠤᠷᠠᠯᠴᠠᠭᠠᠨ ᠤ ᠪᠠᠶᠢᠯᠳᠤᠬᠤ ᠪᠣᠳᠣᠯᠭ᠎ᠠ ᠶᠢᠨ | ᠵᠣᠬᠢᠴᠠᠭᠤᠯᠭ᠎ᠠ ᠪᠠ ᠨᠢᠭᠡᠳᠦᠯᠲᠡᠢ ᠲᠥᠯᠦᠪᠵᠢᠭᠦᠯᠭᠡ ᠪᠠᠨ ᠴᠢᠩᠭᠠᠳᠬᠠᠵᠤ᠂ ︽ᠨᠢᠭᠡ ᠪᠦᠰᠡ ᠨᠢᠭᠡ ᠵᠠᠮ︾ ᠢ ᠬᠠᠮᠲᠤ ᠪᠠᠷ ᠴᠢᠨᠠᠷ ᠰᠠᠶᠢᠲᠠᠢ ᠪᠦᠲᠦᠭᠡᠨ ᠪᠠᠶᠢᠭᠤᠯᠵᠤ | ᠂ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠵᠡᠷᠭᠡ ᠴᠢᠬᠤᠯᠠ ᠶᠡᠭᠡ ᠲᠥᠷᠥᠯ ᠵᠦᠢᠯ ᠤᠨ ᠬᠠᠮᠲᠤᠷᠠᠯᠴᠠᠭ᠎ᠠ ᠶᠢ ᠪᠠᠲᠤᠯᠠᠨ ᠠᠬᠢᠭᠤᠯᠵᠤ᠂ ᠠᠷᠠᠯᠵᠢᠶ᠎ᠠ᠂ | ᠬᠥᠳᠡᠭᠡ ᠠᠵᠤ ᠠᠬᠤᠢ᠂ ᠲᠣᠭᠠᠴᠢᠯᠠᠭᠰᠠᠨ ᠠᠵᠤ ᠠᠬᠤᠢ᠂ ᠪᠣᠬᠢᠷᠳᠤᠯ ᠦᠭᠡᠢ ᠠᠵᠤ ᠦᠢᠯᠡᠰ᠂ ᠴᠡᠪᠡᠷ ᠡᠨᠧᠷᠭᠢ ᠵᠡᠷᠭᠡ ᠬᠦᠷᠢᠶᠡᠨ ᠳᠠᠬᠢ ᠬᠠᠮᠲᠤᠷᠠᠯᠴᠠᠭ᠎ᠠ ᠪᠠᠨ | ᠴᠢᠩᠭᠠᠳᠬᠠᠶ᠎ᠠ᠃ ᠫᠤᠯᠠᠨᠳ᠋ ᠤᠨ ᠨᠠᠩ ᠣᠯᠠᠨ ᠴᠢᠨᠠᠷ ᠰᠠᠶᠢᠲᠠᠢ ᠲᠠᠷᠢᠶᠠᠯᠠᠩ ᠤᠨ ᠪᠦᠲᠦᠭᠡᠭᠳᠡᠬᠦᠨ ᠢᠳᠡᠭᠡᠨ ᠤ ᠳᠤᠮᠳᠠᠳᠤ ᠤᠯᠤᠰ ᠤᠨ ᠵᠠᠬ᠎ᠠ ᠳᠡᠯᠭᠡᠭᠦᠷ ᠲᠤ ᠣᠷᠣᠵᠤ | ᠢᠷᠡᠬᠦ ᠶᠢ ᠳᠤᠮᠳᠠᠳᠤ ᠤᠯᠤᠰ ᠪᠠᠶᠠᠷᠯᠠᠨ ᠤᠭᠲᠤᠵᠤ ᠪᠠᠶᠢᠨ᠎ᠠ᠂ ᠬᠤᠣᠰ ᠴᠢᠭᠯᠡᠯᠲᠦ ᠪᠡᠯᠡ ᠣᠷᠣᠭᠤᠯᠤᠯᠲᠠ ᠶᠢ ᠥᠷᠭᠡᠳᠬᠡᠬᠦ ᠶᠢ ᠳᠡᠮᠵᠢᠨ᠎ᠡ᠃ ᠫᠤᠯᠠᠨᠳ᠋ ᠤᠨ ᠬᠢᠨ | ᠳᠤᠮᠳᠠᠳᠤ ᠤᠯᠤᠰ ᠤᠨ ᠠᠵᠤ ᠠᠬᠤᠶᠢᠯᠠᠯ ᠳᠤ ᠡᠷᠬᠡ ᠲᠡᠭᠰᠢ᠂ ᠲᠥᠪ ᠭᠤᠤᠯᠴᠢ᠂ ᠭᠠᠳᠠᠭᠤᠷᠴᠢᠯᠠᠯ ᠦᠭᠡᠢ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ | ᠬᠠᠩᠭᠠᠬᠤ ᠶᠢ ᠬᠦᠰᠡᠵᠦ ᠪᠠᠶᠢᠨ᠎ᠠ᠃ ᠳᠤᠮᠳᠠᠳᠤ ᠤᠯᠤᠰ ᠫᠤᠯᠠᠨᠳ᠋ ᠤᠨ ᠠᠷᠠᠳ ᠢᠷᠭᠡᠨ ᠳᠤ 15 ᠡᠳᠦᠷ ᠤᠨ ᠭᠠᠭᠴᠠ ᠲᠠᠯ᠎ᠠ ᠶᠢᠨ ᠸᠢᠰᠠᠯᠡᠭᠦ ᠠᠴᠠ ᠬᠡᠯᠲᠦᠷᠢᠭᠦᠯᠬᠦ | ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠪᠠᠷ ᠲᠣᠭᠲᠠᠪᠠ᠃ ᠬᠤᠶᠠᠷ ᠲᠠᠯ᠎ᠠ ᠪᠠᠷ ᠢᠶᠠᠨ ᠬᠤᠶᠠᠷ ᠤᠯᠤᠰ ᠤᠨ ᠰᠣᠶᠣᠯ᠂ ᠵᠠᠯᠠᠭᠤᠴᠤᠳ᠂ ᠡᠷᠳᠡᠮ ᠰᠢᠨᠵᠢᠯᠡᠭᠡᠨ᠂ | ᠵᠠᠭᠤᠴᠢᠯᠠᠭᠤᠷ ᠵᠡᠷᠭᠡ ᠬᠦᠷᠢᠶᠡᠨ ᠳᠠᠬᠢ ᠰᠣᠯᠢᠯᠴᠠᠭ᠎ᠠ ᠪᠠᠨ ᠶᠡᠭᠡ ᠪᠠᠷ ᠠᠬᠢᠭᠤᠯᠤᠶ᠎ᠠ᠃ ᠳᠤᠮᠳᠠᠳᠤ ᠤᠯᠤᠰ ᠳᠤᠷᠠᠲᠠᠶ᠎ᠠ ᠫᠤᠯᠠᠨᠳ᠋ ᠵᠡᠷᠭᠡ ᠤᠯᠤᠰ ᠲᠠᠢ ᠬᠠᠮᠲᠤ ᠪᠠᠷ | ᠳᠤᠮᠳᠠᠳᠤ ᠤᠯᠤᠰ — ᠳᠤᠮᠳᠠ ᠵᠡᠭᠦᠨ ᠡᠸᠦ᠋ᠷᠦᠫᠡ ᠶᠢᠨ ᠤᠯᠤᠰ ᠤᠳ ᠤᠨ ᠬᠠᠮᠲᠤᠷᠠᠯᠴᠠᠭᠠᠨ ᠤ ᠲᠣᠭᠲᠠᠴᠠ ᠶᠢᠨ ᠦᠷᠭᠦᠯᠵᠢᠯᠡᠬᠦ ᠬᠥᠭᠵᠢᠯᠲᠡ ᠶᠢ ᠠᠬᠢᠭᠤᠯᠵᠤ᠂ | ᠳᠤᠮᠳᠠᠳᠤ ᠡᠸᠦ᠋ᠷᠦᠫᠡ ᠶᠢᠨ ᠬᠠᠷᠢᠯᠴᠠᠭ᠎ᠠ ᠶᠢᠨ ᠡᠷᠡᠭᠦᠯ ᠲᠣᠭᠲᠠᠭᠤᠨ ᠢᠶᠠᠷ ᠬᠥᠭᠵᠢᠬᠦ ᠶᠢ ᠠᠬᠢᠭᠤᠯᠤᠨ᠎ᠠ ᠭᠡᠵᠦ ᠴᠢᠬᠤᠯᠠᠴᠢᠯᠠᠵᠠᠢ᠃ | ᠳ᠋ᠦᠳᠠ᠂ ᠪᠢ 2015 ᠣᠨ ᠳᠤ ᠳᠤᠮᠳᠠᠳᠤ ᠤᠯᠤᠰ ᠲᠤ ᠠᠩᠬ᠎ᠠ ᠤᠳᠠᠭ᠎ᠠ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠭᠰᠡᠨ ᠪᠠ 2022 ᠣᠨ ᠤ | ᠡᠬᠢ ᠪᠠᠷ ᠪᠡᠭᠡᠵᠢᠩ ᠤᠨ ᠡᠪᠦᠯ ᠤᠨ ᠤᠯᠠᠷᠢᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠤ ᠡᠭᠢᠯᠡᠯᠲᠡ ᠶᠢᠨ ᠶᠣᠰᠣᠯᠠᠯ ᠳᠤ ᠣᠷᠣᠯᠴᠠᠬᠰᠠᠨ ᠢᠶᠠᠨ ᠲᠣᠪ ᠲᠣᠳᠣᠷᠬᠠᠢ | ᠴᠡᠭᠡᠵᠢᠯᠡᠵᠦ ᠪᠠᠶᠢᠨ᠎ᠠ᠂ ᠡᠨᠡ ᠤᠳᠠᠭ᠎ᠠ ᠶᠢᠨ ᠳᠤᠮᠳᠠᠳᠤ ᠤᠯᠤᠰ ᠲᠠᠬᠢ ᠠᠶᠢᠯᠴᠢᠯᠠᠯᠲᠠ ᠪᠠᠷ ᠳᠤᠮᠳᠠᠳᠤ ᠤᠯᠤᠰ ᠤᠨ ᠬᠥᠭᠵᠢᠯᠲᠡ ᠶᠢᠨ ᠯᠤᠲᠤ ᠶᠡᠭᠡ ᠠᠮᠢᠵᠢᠷᠠᠯ ᠤᠨ | ᠬᠦᠴᠦᠨ ᠢ ᠴᠢᠨᠠᠭᠰᠢᠳᠠ ᠣᠯᠵᠤ ᠬᠠᠷᠠᠵᠠᠢ᠃ ᠲᠤᠮᠳᠠᠳᠤ ᠤᠯᠤᠰ ᠲᠡᠷᠢᠭᠦᠯᠡᠭᠴᠢ ᠰᠢ ᠶᠢᠨ ᠫᠢᠩ ᠤᠨ ᠤᠳᠤᠷᠢᠳᠤᠯᠭ᠎ᠠ ᠳᠣᠣᠷ᠎ᠠ ᠠᠷᠠᠳ ᠲᠦᠮᠡᠨ ᠢᠶᠠᠷ ᠭᠤᠣᠯ | ᠪᠤᠯᠭᠠᠬᠤ ᠬᠥᠭᠵᠢᠯᠲᠡ ᠶᠢᠨ ᠣᠶᠢᠯᠠᠭᠠᠭᠳᠠᠬᠤᠨ ᠢ ᠲᠤᠭᠤᠰᠢᠯᠠᠭᠤᠯᠵᠤ᠂ ᠳᠡᠯᠡᠬᠡᠢ ᠳ᠋ᠠᠬᠢᠨ ᠤ ᠠᠩᠬᠠᠷᠤᠯ ᠢ ᠲᠠᠲᠠᠭᠰᠠᠨ ᠠᠮᠵᠢᠯᠲᠠ ᠪᠦᠲᠦᠮᠵᠢ ᠣᠯᠣᠭᠰᠠᠨ ᠢ ᠪᠢ ᠴᠢᠩ | ᠰᠡᠳᠬᠢᠯ ᠠᠴᠠ ᠪᠠᠨ ᠪᠢᠰᠢᠷᠡᠵᠦ ᠪᠠᠶᠢᠨ᠎ᠠ᠃ 2016 ᠣᠨ ᠳᠤ ᠲᠡᠷᠢᠭᠦᠯᠡᠭᠴᠢ ᠰᠢ ᠶᠢᠨ ᠫᠢᠩ ᠫᠤᠯᠠᠨᠳ᠋ ᠲᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠭᠰᠡᠨ ᠨᠢ | ᠫᠤᠯᠠᠨᠳ᠋ ᠳᠤᠮᠳᠠᠳᠤ ᠶᠢᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠨᠢᠲᠠᠨ ᠤ ᠬᠠᠷᠢᠯᠴᠠᠭ᠎ᠠ ᠶᠢᠨ ᠬᠥᠭᠵᠢᠯᠲᠡ ᠶᠢᠨ ᠴᠢᠬᠤᠯᠠ ᠬᠥᠰᠢᠶ᠎ᠡ ᠲᠡᠮᠳᠡᠭ ᠪᠣᠯᠵᠠᠢ᠃ | ᠲᠡᠷᠢᠭᠦᠯᠡᠭᠴᠢ ᠰᠢ ᠶᠢᠨ ᠫᠢᠩ ᠤᠨ ᠳᠤᠷᠠᠳᠤᠭᠰᠠᠨ ︽ᠨᠢᠭᠡ ᠪᠦᠰᠡ ᠨᠢᠭᠡ ᠵᠠᠮ︾ ᠢ ᠬᠠᠮᠲᠤ ᠪᠠᠷ ᠪᠦᠲᠦᠭᠡᠨ ᠪᠠᠶᠢᠭᠤᠯᠬᠤ ᠰᠠᠨᠠᠭᠠᠴᠢᠯᠠᠭ᠎ᠠ ᠨᠢ ᠫᠤᠯᠠᠨᠳ᠋ ᠲᠤ ᠠᠪᠴᠤ | ᠬᠡᠯᠡᠪᠡᠯ ᠯᠤᠲᠤ ᠶᠡᠭᠡ ᠬᠥᠭᠵᠢᠯᠲᠡ ᠶᠢᠨ ᠠᠵᠠ ᠲᠣᠭᠢᠶᠠᠯ ᠪᠠᠶᠢᠵᠤ᠂ ᠳᠤᠮᠳᠠᠳᠤ ᠤᠯᠤᠰ ᠯᠤᠭ᠎ᠠ ᠬᠠᠮᠲᠤᠷᠠᠯᠴᠠᠵᠤ ︽ᠨᠢᠭᠡ ᠪᠦᠰᠡ ᠨᠢᠭᠡ ᠵᠠᠮ︾ ᠢ ᠬᠠᠮᠲᠤ ᠪᠠᠷ | ᠪᠦᠲᠦᠭᠡᠨ ᠪᠠᠶᠢᠭᠤᠯᠬᠤ ᠨᠢ ᠫᠤᠯᠠᠨᠳ᠋ ᠤᠨ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠪᠠ ᠠᠵᠤ ᠠᠬᠤᠢ ᠶᠢᠨ ᠬᠥᠭᠵᠢᠯᠲᠡ ᠶᠢ ᠬᠦᠴᠦᠲᠡᠢ ᠠᠬᠢᠭᠤᠯᠪᠠ | ᠃ ᠫᠤᠯᠠᠨᠳ᠋ ᠳᠤᠮᠳᠠᠳᠤ ᠬᠠᠷᠢᠯᠴᠠᠭ᠎ᠠ ᠪᠠᠶᠢᠭᠤᠯᠤᠭᠰᠠᠨ 75 ᠵᠢᠯ ᠤᠨ ᠲᠤᠷᠰᠢ ᠬᠤᠶᠠᠷ ᠲᠠᠯ᠎ᠠ ᠶᠢᠨ ᠬᠠᠷᠢᠯᠴᠠᠭᠠᠨ ᠤ ᠬᠥᠭᠵᠢᠯᠲᠡ ᠢᠮᠠᠭᠲᠠ ᠡᠷᠬᠡ ᠲᠡᠭᠰᠢ ᠪᠠ | ᠬᠠᠷᠢᠯᠴᠠᠨ ᠬᠦᠨᠳᠦᠳᠬᠡᠬᠦ ᠳᠤ ᠰᠠᠭᠤᠷᠢᠯᠠᠭᠰᠠᠭᠠᠷ ᠢᠷᠡᠪᠡ᠃ ᠫᠤᠯᠠᠨᠳ᠋ ᠤᠨ ᠬᠢᠨ ᠳᠤᠮᠳᠠᠳᠤ ᠤᠯᠤᠰ ᠤᠨ ᠥᠨᠢ ᠤᠳᠠᠭᠠᠨ ᠲᠡᠦᠬᠡ ᠪᠣᠯᠣᠨ ᠭᠦᠨ ᠵᠤᠵᠠᠭᠠᠨ | ᠰᠣᠶᠣᠯ ᠢ ᠳᠡᠭᠡᠳᠦ ᠬᠡᠮᠵᠢᠶ᠎ᠡ ᠪᠠᠷ ᠮᠠᠭᠲᠠᠨ ᠰᠠᠶᠢᠰᠢᠶᠠᠵᠤ᠂ ᠳᠤᠮᠳᠠᠳᠤ ᠤᠯᠤᠰ ᠤᠨ ᠣᠯᠠᠨ ᠤᠯᠤᠰ ᠤᠨ ᠬᠡᠷᠡᠭ ᠶᠠᠪᠤᠳᠠᠯ ᠳᠤᠮᠳᠠ ᠪᠠᠷᠢᠮᠲᠠᠯᠠᠭᠰᠠᠭᠠᠷ ᠢᠷᠡᠭᠰᠡᠨ | ᠣᠶᠢᠯᠠᠭᠠᠭᠳᠠᠬᠤᠨ ᠵᠢᠴᠢ ᠳᠡᠯᠡᠬᠡᠢ ᠶᠢᠨ ᠡᠩᠬᠡ ᠲᠠᠶᠢᠪᠤᠩ ᠪᠣᠯᠣᠨ ᠬᠥᠭᠵᠢᠯᠲᠡ ᠳᠤ ᠦᠵᠡᠭᠦᠯᠦᠭᠰᠡᠨ ᠴᠢᠬᠤᠯᠠ ᠬᠤᠪᠢ ᠨᠡᠮᠡᠷᠢ ᠶᠢ ᠥᠨᠳᠥᠷ ᠦᠨᠡᠯᠡᠵᠦ ᠪᠠᠶᠢᠨ᠎ᠠ᠃ | ᠫᠤᠯᠠᠨᠳ᠋ ᠤᠨ ᠬᠢᠨ ᠨᠢᠭᠡ ᠳᠤᠮᠳᠠᠳᠤ ᠤᠯᠤᠰ ᠪᠠᠶᠢᠬᠤ ᠵᠠᠷᠴᠢᠮ ᠢ ᠡᠷᠡᠰ ᠵᠢᠷᠤᠮᠯᠠᠵᠤ᠂ ᠳᠤᠷᠠᠲᠠᠶ᠎ᠠ ᠳᠤᠮᠳᠠᠳᠤ ᠤᠯᠤᠰ ᠯᠤᠭ᠎ᠠ ︽ᠨᠢᠭᠡ ᠪᠦᠰᠡ ᠨᠢᠭᠡ ᠵᠠᠮ︾ ᠢ | ᠬᠠᠮᠲᠤ ᠪᠠᠷ ᠪᠦᠲᠦᠭᠡᠨ ᠪᠠᠶᠢᠭᠤᠯᠬᠤ ᠬᠠᠮᠲᠤᠷᠠᠯᠴᠠᠭ᠎ᠠ ᠶᠢ ᠦᠷᠭᠦᠯᠵᠢᠯᠡᠨ ᠠᠬᠢᠭᠤᠯᠵᠤ᠂ ᠠᠵᠤ ᠠᠬᠤᠢ ᠠᠷᠠᠯᠵᠢᠶ᠎ᠠ᠂ ᠬᠥᠳᠡᠭᠡ ᠠᠵᠤ ᠠᠬᠤᠢ᠂ ᠰᠠᠭᠤᠷᠢ | ᠲᠥᠬᠦᠭᠡᠷᠦᠮᠵᠢ᠂ ᠬᠤᠯᠪᠣᠯᠳᠤᠨ ᠨᠡᠪᠲᠡᠷᠡᠯᠴᠡᠬᠦ᠂ ᠰᠣᠶᠣᠯ ᠢᠷᠭᠡᠨᠰᠢᠯ ᠵᠡᠷᠭᠡ ᠬᠦᠷᠢᠶ᠎ᠡ ᠴᠠᠷᠠᠭ᠎ᠠ ᠳᠠᠬᠢ ᠰᠣᠯᠢᠯᠴᠠᠭ᠎ᠠ ᠬᠠᠮᠲᠤᠷᠠᠯᠴᠠᠭ᠎ᠠ ᠪᠠᠨ ᠭᠦᠨᠵᠡᠭᠡᠶᠢᠷᠡᠭᠦᠯᠵᠦ᠂ | ᠰᠢᠨ᠎ᠡ ᠶᠢ ᠡᠭᠦᠳᠬᠦ᠂ ᠲᠣᠭᠠᠴᠢᠯᠠᠭᠰᠠᠨ ᠠᠵᠤ ᠠᠬᠤᠢ᠂ ᠰᠢᠨ᠎ᠡ ᠡᠨᠧᠷᠭᠢ ᠶᠢᠨ ᠮᠠᠰᠢᠨ ᠲᠡᠷᠭᠡ ᠵᠡᠷᠭᠡ ᠰᠢᠨ᠎ᠡ ᠬᠦᠷᠢᠶ᠎ᠡ ᠴᠠᠷᠠᠭ᠎ᠠ ᠳᠠᠬᠢ ᠬᠠᠮᠲᠤᠷᠠᠯᠴᠠᠭ᠎ᠠ ᠪᠠᠨ | ᠥᠷᠭᠡᠳᠬᠡᠵᠦ᠂ ᠳᠤᠮᠳᠠᠳᠤ ᠤᠯᠤᠰ ᠤᠨ ᠨᠠᠩ ᠣᠯᠠᠨ ᠠᠵᠤ ᠠᠬᠤᠶᠢᠯᠠᠯ ᠤᠨ ᠫᠤᠯᠠᠨᠳ᠋ ᠲᠤ ᠬᠦᠷᠴᠦ ᠪᠡᠯᠡ ᠣᠷᠣᠭᠤᠯᠬᠤ ᠶᠢ ᠪᠠᠶᠠᠷᠯᠠᠨ ᠤᠭᠲᠤᠵᠤ ᠪᠠᠶᠢᠨ᠎ᠠ᠃ | ᠫᠤᠯᠠᠨᠳ᠋ ᠤᠨ ᠬᠢᠨ ᠳᠤᠷᠠᠲᠠᠶ᠎ᠠ ᠳᠤᠮᠳᠠᠳᠤ ᠤᠯᠤᠰ ᠯᠤᠭ᠎ᠠ ᠤᠯᠠᠨ ᠲᠠᠯ᠎ᠠ ᠶᠢᠨ ᠣᠯᠣᠯᠴᠠᠭ᠎ᠠ ᠬᠠᠮᠵᠢᠯᠴᠠᠭ᠎ᠠ ᠪᠠᠨ ᠨᠢᠭᠲᠠᠷᠠᠭᠤᠯᠵᠤ᠂ ᠫᠤᠯᠠᠨᠳ᠋ ᠳᠤᠮᠳᠠᠳᠤ ᠶᠢᠨ ᠪᠦᠭᠦ | ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠨᠢᠲᠠᠨ ᠤ ᠬᠠᠷᠢᠯᠴᠠᠭ᠎ᠠ ᠶᠢᠨ ᠴᠢᠨᠠᠭᠰᠢᠳᠠ ᠬᠥᠭᠵᠢᠬᠦ ᠶᠢ ᠠᠬᠢᠭᠤᠯᠵᠤ᠂ ᠳᠡᠯᠡᠬᠡᠢ ᠶᠢᠨ ᠡᠩᠬᠡ ᠲᠠᠶᠢᠪᠤᠩ ᠪᠣᠯᠣᠨ | ᠲᠣᠭᠲᠠᠭᠤᠨ ᠢ ᠠᠬᠢᠭᠤᠯᠬᠤ ᠳᠤ ᠢᠳᠡᠪᠬᠢᠲᠡᠢ ᠬᠤᠪᠢ ᠨᠡᠮᠡᠷᠢ ᠦᠵᠡᠭᠦᠯᠦᠨ᠎ᠡ᠃ ᠢᠷᠡᠬᠦ ᠵᠢᠯ ᠤᠨ ᠳᠡᠭᠡᠷ᠎ᠡ ᠬᠠᠭᠠᠰ ᠵᠢᠯ ᠳᠤ ᠫᠤᠯᠠᠨᠳ᠋ ᠤᠨ ᠬᠢᠨ ᠡᠸᠦ᠋ᠷᠦᠫᠡ ᠲᠢᠪ ᠤᠨ | ᠤᠯᠤᠰ ᠤᠳ ᠤᠨ ᠬᠤᠯᠪᠤᠭ᠎ᠠ ᠶᠢᠨ ᠵᠢᠵᠢᠭᠦᠷ ᠲᠡᠷᠢᠭᠦᠯᠡᠭᠴᠢ ᠤᠯᠤᠰ ᠤᠨ ᠲᠤᠰᠢᠶᠠᠯ ᠢ ᠬᠠᠷᠢᠭᠤᠴᠠᠬᠤ ᠪᠣᠯᠣᠨ᠎ᠠ᠂ ᠫᠤᠯᠠᠨᠳ᠋ ᠤᠨ ᠬᠢᠨ ᠳᠤᠷᠠᠲᠠᠶ᠎ᠠ ᠡᠸᠦ᠋ᠷᠦᠫᠡ | ᠲᠢᠪ ᠤᠨ ᠤᠯᠤᠰ ᠤᠳ ᠤᠨ ᠬᠤᠯᠪᠤᠭ᠎ᠠ ᠪᠣᠯᠣᠨ ᠳᠤᠮᠳᠠᠳᠤ ᠤᠯᠤᠰ ᠤᠨ ᠬᠠᠷᠢᠯᠴᠠᠭᠠᠨ ᠤ ᠬᠥᠭᠵᠢᠯᠲᠡ ᠶᠢ ᠠᠬᠢᠭᠤᠯᠬᠤ ᠳᠤ ᠪᠦᠲᠦᠭᠡᠯᠴᠢ ᠴᠢᠨᠠᠷᠲᠠᠢ ᠦᠢᠯᠡᠳᠦᠯ | ᠦᠵᠡᠭᠦᠯᠭᠦ ᠪᠥᠭᠡᠳ ᠳᠤᠮᠳᠠ ᠵᠡᠭᠦᠨ ᠡᠸᠦ᠋ᠷᠦᠫᠡ ᠶᠢᠨ ᠤᠯᠤᠰ ᠤᠳ ᠪᠣᠯᠣᠨ ᠳᠤᠮᠳᠠᠳᠤ ᠤᠯᠤᠰ ᠤᠨ ᠬᠠᠮᠲᠤᠷᠠᠯᠴᠠᠭ᠎ᠠ ᠶᠢ ᠦᠷᠭᠦᠯᠵᠢᠯᠡᠨ ᠠᠬᠢᠭᠤᠯᠤᠨ᠎ᠠ ᠭᠡᠵᠦ | ᠢᠯᠡᠳᠬᠡᠪᠡ᠃ | ᠬᠤᠶᠠᠷ ᠲᠠᠯ᠎ᠠ ᠪᠠᠷ ᠢᠶᠠᠨ ᠪᠠᠰᠠ ᠦᠺᠷᠠᠶᠢᠨ ᠤ ᠬᠢᠮᠤᠷᠠᠯ ᠤᠨ ᠲᠤᠬᠠᠢ ᠰᠠᠨᠠᠯ ᠢᠶᠠᠨ ᠰᠣᠯᠢᠯᠴᠠᠪᠠ᠃ ᠰᠢ ᠶᠢᠨ ᠫᠢᠩ᠂ ᠦᠺᠷᠠᠶᠢᠨ ᠤ ᠬᠢᠮᠤᠷᠠᠯ ᠤᠨ ᠲᠤᠬᠠᠢ | ᠳᠤᠮᠳᠠᠳᠤ ᠤᠯᠤᠰ ᠤᠨ ᠵᠣᠭᠰᠣᠯᠲᠠ ᠪᠣᠯ ᠡᠪᠰᠡᠬᠦ ᠶᠢ ᠢᠳᠬᠠᠵᠤ ᠬᠡᠯᠡᠯᠴᠡᠭᠡ ᠬᠢᠬᠦ ᠶᠢ ᠠᠬᠢᠭᠤᠯᠬᠤ᠂ ᠤᠯᠤᠰ ᠲᠥᠷᠥ ᠪᠠᠷ ᠰᠢᠢᠳᠪᠦᠷᠢᠯᠡᠬᠦ ᠶᠠᠪᠤᠳᠠᠯ ᠪᠣᠯᠣᠨ᠎ᠠ᠃ | ᠣᠳᠣᠬᠠᠨ ᠳᠤ ᠮᠥᠷᠭᠦᠯᠳᠦᠭᠡᠨ ᠤ ᠥᠷᠭᠡᠵᠢᠨ ᠰᠢᠷᠦᠭᠦᠰᠬᠦ ᠪᠠᠶᠢᠳᠠᠯ ᠠᠴᠠ ᠴᠢᠷᠮᠠᠶᠢᠨ ᠵᠠᠶᠢᠯᠠᠰᠬᠢᠵᠦ᠂ ᠪᠠᠶᠢᠳᠠᠯ ᠢ ᠨᠠᠮᠳᠠᠭᠠᠬᠤ ᠶᠢ ᠴᠢᠷᠮᠠᠶᠢᠨ ᠠᠬᠢᠭᠤᠯᠵᠤ᠂ | ᠨᠠᠶᠢᠷᠠᠮᠳᠠᠯ ᠤᠨ ᠬᠡᠯᠡᠯᠴᠡᠭᠡ ᠬᠢᠬᠦ ᠨᠥᠬᠦᠴᠡᠯ ᠢ ᠴᠢᠷᠮᠠᠶᠢᠨ ᠪᠤᠢ ᠪᠤᠯᠭᠠᠬᠤ ᠬᠡᠷᠡᠭᠲᠡᠢ᠃ ᠡᠨᠡ ᠨᠢ ᠡᠸᠦ᠋ᠷᠦᠫᠡ ᠲᠢᠪ ᠢ ᠪᠠᠭᠲᠠᠭᠠᠭᠰᠠᠨ ᠳᠡᠯᠡᠬᠡᠢ ᠨᠡᠶᠢᠲᠡ ᠶᠢᠨ ᠠᠰᠢᠭ | ᠲᠤᠰᠠ ᠳᠤ ᠨᠡᠶᠢᠴᠡᠵᠦ ᠪᠠᠶᠢᠨ᠎ᠠ᠃ ᠵᠠᠷᠢᠮ ᠬᠥᠮᠥᠰ ᠤᠨ ᠳᠤᠮᠳᠠᠳᠤ ᠤᠷᠤᠰ ᠤᠨ ᠬᠡᠪ ᠤᠨ ᠠᠷᠠᠯᠵᠢᠶ᠎ᠠ ᠪᠠᠷ ᠰᠢᠯᠲᠠᠭ ᠪᠣᠯᠭᠠᠨ ᠵᠥᠷᠢᠴᠡᠯ ᠢ ᠰᠢᠯᠵᠢᠭᠦᠯᠵᠦ᠂ | ᠳᠤᠮᠳᠠᠳᠤ ᠤᠯᠤᠰ ᠤᠨ ᠨᠡᠷ᠎ᠡ ᠲᠦᠷᠦ ᠳᠤ ᠬᠠᠯᠳᠠᠵᠤ ᠪᠠᠶᠢᠬᠤ ᠶᠢ ᠳᠤᠮᠳᠠᠳᠤ ᠤᠯᠤᠰ ᠡᠰᠡᠷᠭᠦᠴᠡᠨ᠎ᠡ᠃ ᠳᠤᠮᠳᠠᠳᠤ ᠤᠯᠤᠰ ᠬᠢᠮᠤᠷᠠᠯ ᠢ ᠨᠠᠶᠢᠷᠠᠮᠳᠠᠯ ᠢᠶᠠᠷ | ᠰᠢᠢᠳᠪᠦᠷᠢᠯᠡᠬᠦ ᠳᠤ ᠠᠰᠢᠭᠲᠠᠢ ᠠᠯᠢᠪᠠ ᠴᠢᠷᠮᠠᠶᠢᠯᠭ᠎ᠠ ᠶᠢ ᠵᠣᠷᠢᠭᠵᠢᠭᠤᠯᠤᠨ ᠳᠡᠮᠵᠢᠵᠦ᠂ ᠲᠡᠩᠴᠡᠭᠦᠷᠢᠲᠡᠢ᠂ ᠪᠦᠲᠦᠮᠵᠢᠲᠡᠶ᠂ ᠦᠷᠭᠦᠯᠵᠢᠯᠡᠬᠦ ᠡᠸᠦ᠋ᠷᠦᠫᠡ ᠲᠢᠪ ᠤᠨ | ᠠᠮᠤᠷ ᠲᠦᠪᠰᠢᠨ ᠤ ᠲᠥᠯᠥᠪᠰᠢᠷᠡᠯ ᠢ ᠪᠠᠶᠢᠭᠤᠯᠬᠤ ᠶᠢ ᠠᠬᠢᠭᠤᠯᠤᠨ᠎ᠠ᠃ ᠳᠤᠮᠳᠠᠳᠤ ᠤᠯᠤᠰ ᠳᠤᠷᠠᠲᠠᠶ᠎ᠠ ᠥᠪᠡᠷ ᠤᠨ ᠠᠷᠭ᠎ᠠ ᠭᠡᠯᠪᠡᠷᠢ ᠪᠠᠷ ᠢᠶᠠᠨ ᠤᠯᠤᠰ ᠲᠦᠷᠦ ᠪᠠᠷ | ᠦᠺᠷᠠᠶᠢᠨ ᠤ ᠬᠢᠮᠤᠷᠠᠯ ᠢ ᠰᠢᠢᠳᠪᠦᠷᠢᠯᠡᠬᠦ ᠳᠤ ᠦᠷᠭᠦᠯᠵᠢᠯᠡᠨ ᠪᠦᠲᠦᠭᠡᠯᠴᠢ ᠴᠢᠨᠠᠷᠲᠠᠢ ᠦᠢᠯᠡᠳᠦᠯ ᠦᠵᠡᠭᠦᠯᠦᠨ᠎ᠡ ᠭᠡᠵᠦ ᠴᠢᠩᠭᠠᠳᠬᠠᠪᠠ᠃ | ᠬᠡᠯᠡᠯᠴᠡᠭᠡ ᠲᠡᠭᠦᠰᠦᠭᠰᠡᠨ ᠤ ᠳᠠᠷᠠᠭ᠎ᠠ ᠬᠤᠶᠠᠷ ᠤᠯᠤᠰ ᠤᠨ ᠲᠡᠷᠢᠭᠦᠨ ᠠᠵᠤ ᠠᠬᠤᠢ ᠠᠷᠠᠯᠵᠢᠶ᠎ᠠ᠂ ᠬᠥᠳᠡᠭᠡ ᠠᠵᠤ ᠠᠬᠤᠢ ᠵᠡᠷᠭᠡ ᠬᠦᠷᠢᠶ᠎ᠡ ᠴᠠᠷᠠᠭ᠎ᠠ ᠳᠠᠬᠢ | ᠬᠤᠶᠠᠷ ᠲᠠᠯ᠎ᠠ ᠶᠢᠨ ᠬᠠᠮᠲᠤᠷᠠᠯᠴᠠᠭᠠᠨ ᠤ ᠤᠯᠠᠨ ᠵᠦᠢᠯ ᠤᠨ ᠪᠢᠴᠢᠭ ᠮᠠᠲ᠋ᠧᠷᠢᠶᠠᠯ ᠳᠤ ᠭᠠᠷ ᠤᠨ ᠦᠰᠦᠭ ᠵᠢᠷᠤᠬᠤ ᠶᠢ ᠬᠠᠮᠲᠤ ᠪᠠᠷ ᠭᠡᠷᠡᠴᠢᠯᠡᠪᠡ᠃ | ᠬᠤᠶᠠᠷ ᠲᠠᠯ᠎ᠠ ᠪᠠᠷ ᠢᠶᠠᠨ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠣᠯᠣᠨ ᠪᠦᠭᠦᠳᠡ ᠨᠠᠶᠢᠷᠠᠮᠳᠠᠬᠤ ᠫᠤᠯᠠᠨᠳ᠋ ᠤᠯᠤᠰ ᠤᠨ ᠪᠦᠭᠦ ᠲᠠᠯ᠎ᠠ ᠶᠢᠨ | ᠪᠠᠶᠢᠯᠳᠤᠬᠤ ᠪᠣᠳᠣᠯᠭ᠎ᠠ ᠶᠢᠨ ᠬᠠᠨᠢᠲᠠᠨ ᠤ ᠬᠠᠷᠢᠯᠴᠠᠭ᠎ᠠ ᠶᠢ ᠴᠢᠩᠭᠠᠳᠬᠠᠬᠤ ᠲᠤᠬᠠᠢ ᠠᠵᠢᠯᠯᠠᠭᠠᠨ ᠤ ᠲᠥᠯᠥᠪᠯᠡᠭᠡ ︵2024 - 2027 ᠣᠨ︶︾ ᠶᠢ | ᠨᠡᠶᠢᠲᠡᠯᠡᠪᠡ᠃ | ᠬᠡᠯᠡᠯᠴᠡᠭᠡ ᠬᠢᠬᠦ ᠠᠴᠠ ᠡᠮᠦᠨ᠎ᠡ ᠰᠢ ᠶᠢᠨ ᠫᠢᠩ ᠬᠠᠳᠤᠨ ᠫᠧᠩ ᠯᠢ ᠶᠤᠸᠠᠨ ᠲᠠᠢ ᠪᠠᠨ ᠠᠷᠠᠳ ᠤᠨ ᠶᠡᠭᠡ ᠬᠤᠷᠠᠯ ᠤᠨ ᠲᠠᠩᠬᠢᠮ ᠤᠨ ᠵᠡᠭᠦᠨ ᠡᠭᠦᠳᠡᠨ ᠤ | ᠭᠠᠳᠠᠨᠠᠬᠢ ᠠᠭᠤᠳᠠᠮ ᠲᠠᠯᠠᠪᠠᠢ ᠳᠤ ᠳ᠋ᠦᠳᠠ ᠪᠣᠯᠣᠨ ᠲᠡᠭᠦᠨ ᠤ ᠬᠠᠳᠤᠨ ᠠᠵᠢᠶᠠᠲ᠋ᠠ ᠶᠢ ᠤᠭᠲᠤᠬᠤ ᠶᠣᠰᠣᠯᠠᠯ ᠶᠠᠪᠤᠭᠤᠯᠪᠠ᠃ | ᠳ᠋ᠦᠳᠠ ᠬᠦᠷᠴᠦ ᠢᠷᠡᠬᠦ ᠦᠶ᠎ᠡ ᠳᠤ ᠶᠣᠰᠣᠯᠠᠯ ᠤᠨ ᠴᠡᠷᠢᠭ ᠮᠥᠷᠯᠡᠨ ᠵᠣᠭᠰᠣᠵᠤ ᠶᠣᠰᠣᠯᠠᠪᠠ᠃ ᠬᠤᠶᠠᠷ ᠤᠯᠤᠰ ᠤᠨ ᠲᠡᠷᠢᠭᠦᠨ ᠰᠢᠯᠭᠠᠨ ᠦᠵᠡᠬᠦ ᠲᠠᠶᠢᠰᠠᠨ ᠳᠤ | ᠭᠠᠷᠴᠤ᠂ ᠴᠡᠷᠢᠭ ᠤᠨ ᠬᠥᠭᠵᠢᠮ ᠤᠨ ᠪᠦᠯᠭᠦᠮ ᠳᠤᠮᠳᠠᠳᠤ ᠫᠤᠯᠠᠨᠳ᠋ ᠬᠤᠶᠠᠷ ᠤᠯᠤᠰ ᠤᠨ ᠤᠯᠤᠰ ᠤᠨ ᠰᠦᠯᠳᠡ ᠳᠠᠭᠤᠤ ᠶᠢ ᠬᠥᠭᠵᠢᠮᠳᠡᠵᠦ᠂ ᠲᠢᠶᠠᠨ ᠠᠨ ᠮᠧᠨ | ᠲᠠᠯᠠᠪᠠᠢ ᠳᠤ ᠶᠣᠰᠣᠯᠠᠯ ᠤᠨ ᠫᠤᠤ ᠶᠢ 21 ᠳᠤᠤᠭᠠᠷᠭᠠᠪᠠ᠃ ᠳ᠋ᠦᠳᠠ ᠰᠢ ᠶᠢᠨ ᠫᠢᠩ ᠤᠨ ᠪᠠᠷ᠎ᠠ ᠪᠤᠯᠤᠯᠭ᠎ᠠ ᠲᠠᠢ ᠪᠠᠷ ᠳᠤᠮᠳᠠᠳᠤ ᠤᠯᠤᠰ ᠤᠨ ᠠᠷᠠᠳ ᠤᠨ | ᠴᠢᠯᠦᠭᠡᠯᠡᠬᠦ ᠴᠡᠷᠢᠭ ᠤᠨ ᠶᠣᠰᠣᠯᠠᠯ ᠤᠨ ᠠᠩᠭᠢ ᠶᠢ ᠰᠢᠯᠭᠠᠨ ᠦᠵᠡᠭᠰᠡᠨ ᠪᠥᠭᠡᠳ ᠵᠢᠭᠰᠠᠭᠠᠯ ᠢ ᠰᠣᠨᠢᠷᠬᠠᠪᠠ᠃ | ᠲᠤᠰ ᠣᠷᠣᠢ ᠰᠢ ᠶᠢᠨ ᠫᠢᠩ ᠪᠣᠯᠣᠨ ᠫᠧᠩ ᠯᠢ ᠶᠤᠸᠠᠨ ᠠᠷᠠᠳ ᠤᠨ ᠶᠡᠭᠡ ᠬᠤᠷᠠᠯ ᠤᠨ ᠲᠠᠩᠬᠢᠮ ᠤᠨ ᠰᠢᠵᠢᠷ ᠠᠯᠳᠠᠨ ᠲᠢᠩᠬᠢᠮ ᠳᠤ ᠳ᠋ᠦᠳᠠ ᠪᠣᠯᠣᠨ | ᠲᠡᠭᠦᠨ ᠤ ᠬᠠᠳᠤᠨ ᠢ ᠤᠭᠲᠤᠬᠤ ᠳᠠᠶᠢᠯᠠᠯᠭ᠎ᠠ ᠬᠢᠪᠡ᠃ | ᠸᠠᠩ ᠢ ᠳᠡᠭᠡᠷᠡᠬᠢ ᠠᠵᠢᠯᠯᠠᠭ᠎ᠠ ᠳᠤ ᠣᠷᠣᠯᠴᠠᠵᠠᠢ᠃ | | | |