ᠤᠷᠠᠳ ᠮᠣᠩᠭᠤᠯᠴᠤᠳ ᠤᠨ ᠰᠢᠭᠦᠰᠦ ᠲᠠᠯᠪᠢᠬᠤ ᠪᠠ ᠰᠢᠭᠦᠰᠦ ᠡᠪᠳᠡᠬᠦ ᠶᠣᠰᠣᠨ ︵ᠨᠢᠭᠡ︶
ᠨᠡᠶᠢᠲᠡᠯᠡᠭᠰᠡᠨ ᠴᠠᠭ᠄
2024/7/22
      ᠤᠷᠠᠳ ᠮᠣᠩᠭᠤᠯᠴᠤᠳ ᠤᠨ ᠰᠢᠭᠦᠰᠦ ᠵᠠᠰᠠᠬᠤ᠂ ᠰᠢᠭᠦᠰᠦ ᠣᠷᠣᠭᠤᠯᠬᠤ᠂ ᠰᠢᠭᠦᠰᠦ ᠡᠪᠳᠡᠬᠦ ᠶᠣᠰᠣ ᠭᠤᠷᠢᠮ ᠲᠤᠶᠢᠯ ᠤᠨ ᠨᠠᠷᠢᠨ ᠨᠢᠭᠲᠠ ᠪᠠᠶᠢᠳᠠᠭ᠃      ᠰᠢᠭᠦᠰᠦᠨ ᠤ ᠢᠷᠭᠡ ᠶᠢ ᠨᠢᠲᠤᠯᠬᠤ ᠦᠶ᠎ᠡ ᠠᠷᠠᠰᠤ ᠶᠢ ᠨᠢ ᠬᠠᠭᠤᠯᠬᠤ ᠳᠠᠭᠠᠨ ᠠᠷᠠᠰᠤᠨ ᠳᠤᠨᠢ ᠬᠠᠯᠢᠮ ᠳᠠᠭᠠᠭᠤᠯᠤᠨ ᠰᠢᠭᠦᠰᠦ ᠪᠠᠨ ᠠᠯᠠᠭ ᠲᠠᠷᠯᠠᠨ ᠪᠣᠯᠭᠠᠬᠤ ᠶᠢ ᠣᠨᠴᠠᠭᠠᠢ ᠬᠢᠴᠢᠶᠡᠨ᠂ ᠢᠷᠭᠡ ᠶᠢᠨ ᠰᠡᠭᠦᠯ ᠢ ᠤᠷᠠᠵᠤ ᠲᠠᠰᠤᠳᠠᠬᠤ ᠦᠭᠡᠢ ᠪᠠᠶᠢᠬᠤ ᠶᠢ ᠬᠢᠴᠢᠶᠡᠨ᠎ᠡ᠃      ᠰᠢᠭᠦᠰᠦ ᠶᠢ ᠡᠪᠳᠡᠬᠦ ᠳᠡᠭᠡᠨ ᠰᠢᠭᠦᠰᠦ ᠪᠠᠨ ᠲᠡᠭᠰᠢ ᠳᠥᠷᠪᠡᠯᠵᠢᠨ ᠪᠣᠯᠭᠠᠬᠤ ᠶᠢᠨ ᠲᠥᠯᠥᠭᠡ ᠬᠤᠶᠠᠷ ᠭᠤᠶᠠᠨ ᠤ ᠬᠢᠨᠢ ᠭᠠᠳᠠᠷ ᠲᠠᠯ᠎ᠠ ᠶᠢᠨ ᠮᠢᠬ᠎ᠠ ᠶᠢ ᠡᠪᠲᠡᠶᠢᠬᠡᠨ ᠮᠠᠯᠲᠠᠵᠤ ᠠᠪᠬᠤ ᠬᠡᠷᠡᠭᠲᠡᠢ᠃ ᠳᠥᠷᠪᠡᠨ ᠮᠥᠴᠢ ᠶᠢ ᠨᠢ ᠰᠠᠯᠭᠠᠬᠤ ᠳᠠᠭᠠᠨ ᠬᠤᠶᠠᠷ ᠪᠣᠷᠪᠢᠨ ᠤ ᠰᠢᠷᠪᠦᠰᠦ᠂ ᠬᠤᠶᠠᠷ ᠪᠤᠯᠴᠢᠩ ᠮᠢᠬ᠎ᠠ ᠶᠢ ᠰᠡᠲᠡᠯᠵᠦ ᠪᠣᠯᠬᠤ ᠦᠭᠡᠢ᠃ ᠲᠡᠷᠡᠴᠢᠯᠡᠨ ᠤᠭᠤᠴᠠ ᠨᠢᠷᠤᠭᠤ ᠠᠴᠠ ᠳᠡᠭᠡᠭᠰᠢ ᠲᠣᠭᠠᠯᠠᠵᠤ ᠲᠠᠯ᠎ᠠ ᠪᠦᠷᠢ ᠳᠤ ᠳᠥᠷᠪᠡᠨ ᠰᠦᠪᠡᠷᠭᠡ ᠦᠯᠡᠳᠡᠭᠡᠨ᠂ ᠬᠠ ᠶᠢᠨ ᠬᠠᠮᠤᠭ ᠤᠨ ᠪᠣᠭᠤᠨᠢ ᠬᠠᠪᠢᠷᠭ᠎ᠠ ᠶᠢ ᠨᠢ ᠠᠪᠬᠤ ᠬᠡᠷᠡᠭᠲᠡᠢ᠃ ᠬᠤᠶᠠᠷ ᠬᠠ ᠳᠤᠨᠢ ᠲᠤᠰ ᠪᠦᠷᠢ ᠠᠷᠪᠠᠨ ᠬᠤᠶᠠᠷ ᠬᠠᠪᠢᠷᠭ᠎ᠠ ᠶᠢ ᠨᠢ ᠦᠯᠡᠳᠡᠭᠡᠨ᠎ᠡ᠃ ᠬᠠ ᠭᠤᠶ᠎ᠠ ᠶᠢ ᠨᠢ ᠰᠠᠯᠭᠠᠵᠤ᠂ ᠪᠣᠭᠲᠣᠭᠤᠰᠣ ᠱᠠᠭᠠᠨᠲᠤ ᠶᠢ ᠨᠤᠭᠤᠯᠬᠤ ᠳᠠᠭᠠᠨ ᠬᠠ ᠭᠤᠶ᠎ᠠ ᠶᠢᠨ ᠵᠤᠵᠠᠭᠠᠨ ᠮᠢᠬ᠎ᠠ ᠲᠠᠢ ᠬᠡᠰᠡᠭ ᠤᠨ ᠳᠣᠲᠣᠭᠤᠷ ᠨᠢ ᠬᠢᠲᠤᠭ᠎ᠠ ᠪᠠᠷ ᠬᠥᠨᠳᠡᠵᠦ ᠦᠶ᠎ᠡ ᠶᠢ ᠨᠢ ᠰᠠᠯᠭᠠᠭᠠᠳ ᠨᠤᠭᠤᠯᠤᠨ᠎ᠠ᠃ ᠢᠩᠭᠢᠪᠡᠯ ᠴᠢᠨᠠᠵᠤ ᠪᠣᠯᠭᠤᠭᠰᠠᠨ ᠤ ᠳᠠᠷᠠᠭ᠎ᠠ ᠶᠠᠰᠤ ᠨᠢ ᠠᠷᠵᠠᠶᠢᠬᠤ ᠦᠭᠡᠢ᠃      ᠤᠭᠤᠴᠠ ᠪᠠᠨ ᠲᠣᠭᠤᠭᠠᠨ ᠳᠤ ᠬᠢᠬᠦ ᠳᠡᠭᠡᠨ ᠤᠭᠤᠴᠠᠨ ᠤ ᠠᠰᠠᠭᠤᠬᠤ ᠨᠢᠷᠤᠭᠤᠨ ᠤ ᠲᠡᠩᠨᠡᠭᠦᠷ ᠶᠠᠰᠤ ᠮᠢᠬᠠᠨ ᠤ ᠵᠠᠪᠰᠠᠷ ᠢᠶᠠᠷ ᠬᠢᠲᠤᠭ᠎ᠠ ᠪᠠᠷ ᠬᠥᠨᠳᠡᠵᠦ ᠰᠢᠷᠪᠦᠰᠦ ᠶᠢ ᠲᠠᠯᠪᠢᠪᠠᠯ ᠤᠭᠤᠴᠠ ᠰᠠᠶᠢᠬᠠᠨ ᠲᠡᠭᠰᠢᠬᠡᠨ ᠪᠣᠯᠣᠨ᠎ᠠ᠃ ᠤᠭᠤᠴᠠ ᠪᠠᠨ ᠪᠣᠯᠭᠤᠭᠰᠠᠨ ᠤ ᠳᠠᠷᠠᠭ᠎ᠠ ᠬᠠᠪᠲᠠᠭᠠᠢ ᠮᠣᠳᠣ ᠪᠤᠶᠤ  ᠰᠢᠷᠡᠭᠡᠨ ᠳᠡᠭᠡᠷ᠎ᠡ ᠳᠡᠭᠡᠭᠰᠢ ᠬᠠᠨᠳᠤᠭᠤᠯᠤᠨ ᠲᠠᠯᠪᠢᠭᠠᠳ ᠳᠡᠭᠡᠷ᠎ᠡ ᠠᠴᠠ ᠨᠢ ᠬᠠᠪᠲᠠᠭᠠᠢ ᠮᠣᠳᠣ ᠪᠠᠷ ᠳᠠᠷᠤᠵᠤ ᠲᠠᠯᠪᠢᠪᠠᠯ ᠤᠭᠤᠴᠠ ᠨᠢ ᠲᠡᠨᠢᠭᠡᠷ ᠦᠵᠡᠮᠵᠢᠲᠡᠢ ᠪᠣᠯᠳᠠᠭ᠃ ᠲᠣᠭᠤᠨᠴᠠᠭ ᠨᠢᠷᠤᠭᠤᠨ ᠠᠴᠠ ᠨᠢ ᠳᠣᠷᠣᠭᠰᠢ ᠭᠤᠷᠪᠠᠨ ᠦᠶ᠎ᠡ ᠲᠣᠭᠠᠯᠠᠭᠠᠳ ᠨᠢᠭᠡ ᠦᠶ᠎ᠡ ᠶᠢ ᠨᠢ ᠠᠪᠴᠤ ᠬᠠᠶᠠᠪᠠᠯ ᠰᠡᠭᠦᠯ ᠨᠢ ᠮᠢᠳᠠᠶᠢᠨ ᠠᠮᠢᠳᠤ ᠬᠤᠨᠢᠨ ᠤ ᠰᠡᠭᠦᠯ ᠰᠢᠭ ᠦᠵᠡᠮᠵᠢ ᠲᠠᠢ ᠪᠣᠯᠳᠠᠭ᠃      ᠰᠢᠭᠦᠰᠦ ᠣᠷᠣᠭᠤᠯᠬᠤ ᠳᠠᠭᠠᠨ ᠬᠠ ᠭᠤᠶ᠎ᠠ ᠶᠢ ᠨᠢ ᠲᠡᠪᠰᠢ ᠳᠤ ᠬᠡᠪᠲᠡᠭᠡ ᠪᠠᠷ ᠦᠷᠦᠵᠦ ᠲᠠᠯᠪᠢᠭᠠᠳ ᠳᠡᠭᠡᠷ᠎ᠡ ᠠᠴᠠ ᠨᠢ ᠤᠭᠤᠴᠠ ᠶᠢ ᠨᠢ ᠬᠥᠮᠥᠷᠢᠵᠦ ᠲᠠᠯᠪᠢᠨ᠎ᠠ᠃ ᠬᠤᠨᠢᠨ ᠲᠣᠯᠣᠭᠠᠢ ᠳᠤᠨᠢ ᠰᠠᠷᠠ ᠰᠡᠶᠢᠯᠵᠦ ︵ᠡᠷᠡᠦ ᠦᠭᠡᠢ︶ ᠤᠭᠤᠴᠠᠨ ᠤ ᠳᠡᠭᠡᠷ᠎ᠡ ᠲᠠᠯᠪᠢᠨ᠂ ᠰᠡᠭᠡᠷ ᠤᠨ ᠬᠢᠨ ᠨᠠᠷᠢᠨ ᠦᠵᠦᠭᠦᠷ ᠢ ᠨᠢ ᠰᠡᠭᠦᠯ ᠵᠦᠭ ᠨᠢ ᠬᠠᠨᠳᠤᠭᠤᠯᠤᠨ ᠤᠭᠤᠴᠠᠨ ᠤ ᠳᠡᠭᠡᠷ᠎ᠡ ᠵᠥᠪ ᠲᠠᠯ᠎ᠠ ᠳᠤᠨᠢ ᠬᠦᠵᠦᠭᠦᠦ ᠪᠠᠨ ᠨᠤᠭᠤᠯᠤᠨ ᠬᠡᠪᠲᠡᠵᠦ ᠪᠠᠶᠢᠭ᠎ᠠ ᠮᠠᠶ᠋ᠢᠭ ᠲᠠᠢ ᠲᠠᠯᠪᠢᠨ᠎ᠠ᠃ ᠰᠢᠭᠦᠰᠦᠨ ᠳᠤ ᠡᠪᠴᠢᠭᠦᠦ᠂ ᠬᠦᠵᠦᠭᠦᠦ ᠣᠷᠣᠭᠤᠯᠬᠤ ᠦᠭᠡᠢ᠃      ᠰᠢᠭᠦᠰᠦ ᠪᠠᠨ ᠡᠪᠳᠡᠬᠦ ᠳᠡᠭᠡᠨ ᠤᠷᠢᠳ ᠢᠶᠠᠷ ᠭᠡᠶᠢᠴᠢᠨ ᠳᠡᠭᠡᠨ ᠴᠠᠭᠠᠨ ᠢᠳᠡᠭᠡᠨ ᠠᠮᠰᠠᠭᠤᠯᠬᠤ ᠪᠤᠶᠤ ᠰᠠᠷᠬᠤᠳ ᠠᠮᠰᠠᠭᠤᠯᠤᠨ ᠬᠢᠲᠤᠭ᠎ᠠ ᠪᠠᠨ ᠢᠷ ᠲᠠᠯ᠎ᠠ ᠠᠴᠠ ᠨᠢ ᠪᠠᠷᠢᠵᠤ᠂ ᠡᠰᠢ ᠲᠠᠯ᠎ᠠ ᠶᠢ ᠨᠢ ᠰᠢᠷᠡᠭᠡᠨ ᠤ ᠭᠤᠣᠯ ᠳᠤ ᠰᠠᠭᠤᠭᠰᠠᠨ ᠬᠥᠮᠦᠨ ᠳᠤ ᠭᠠᠷᠳᠠᠭᠤᠯᠤᠨ᠎ᠠ᠃  ᠰᠢᠷᠡᠭᠡᠨ ᠤ ᠭᠤᠣᠯ ᠳᠤ ᠰᠠᠭᠤᠭᠰᠠᠨ ᠬᠥᠮᠦᠨ ᠬᠢᠲᠤᠭ᠎ᠠ ᠶᠢ ᠲᠣᠰᠴᠤ ᠠᠪᠤᠨ ᠲᠣᠯᠣᠭᠠᠢ᠂ ᠤᠭᠤᠴᠠ᠂ ᠳᠥᠷᠪᠡᠨ ᠮᠥᠴᠢ᠂ ᠰᠡᠭᠦᠯ ᠠᠴᠠ ᠪᠠᠭ᠎ᠠ ᠪᠠᠭ᠎ᠠ ᠣᠭᠲᠣᠯᠵᠤ ᠠᠪᠤᠭᠠᠳ ᠰᠢᠨᠠᠭ᠎ᠠ ᠪᠤᠶᠤ ᠪᠠᠭᠪᠤᠷ ᠲᠤ ᠬᠢᠵᠦ ᠳᠡᠭᠡᠷ᠎ᠡ ᠨᠢ ᠴᠠᠢ᠂ ᠠᠷᠢᠬᠢ ᠳᠤᠰᠤᠭᠠᠨ ᠲᠡᠭᠷᠢ ᠪᠤᠷᠬᠠᠨ ᠳᠤ ᠡᠷᠭᠦᠬᠦ ᠪᠠᠷ ᠥᠭᠴᠦ ᠰᠢᠭᠦᠰᠦ ᠡᠪᠳᠡᠭᠴᠢ ᠳᠤ᠄ ︽ᠰᠢᠭᠦᠰᠦ ᠪᠠᠨ ᠡᠪᠳᠡᠵᠦ ᠬᠠᠶᠢᠷᠠᠯᠠ︕︾ ᠬᠡᠮᠡᠨ ᠬᠢᠲᠤᠭ᠎ᠠ ᠪᠠᠨ ᠮᠥᠨ ᠢᠷ ᠲᠠᠯ᠎ᠠ ᠠᠴᠠ ᠨᠢ ᠪᠠᠷᠢᠵᠤ ᠪᠤᠴᠠᠭᠠᠨ ᠥᠭᠳᠡᠭ᠃ ᠡᠨᠡ ᠦᠶ᠎ᠡ ᠳᠠᠭᠤᠴᠢᠨ ᠠᠴᠠ ᠨᠠᠶᠢᠷ ᠤᠨ ᠳᠠᠭᠤᠤ ︽ᠭᠤᠷᠪᠠᠨ ᠪᠤᠶᠠᠨ︾ ᠢ ᠳᠠᠭᠤᠯᠠᠨ᠎ᠠ᠃ ᠠᠷᠢᠬᠢ ᠪᠠᠷᠢᠭᠴᠢᠳ ᠮᠥᠩᠭᠦᠨ ᠴᠠᠭᠠᠨ ᠬᠠᠳᠠᠭ ᠢᠶᠠᠨ ᠳᠡᠯᠭᠡᠨ ᠮᠥᠩᠭᠦᠨ ᠴᠥᠭᠦᠴᠡ ᠳᠤ ᠠᠷᠢᠬᠢ ᠬᠡᠮᠨᠡᠵᠦ᠂ ᠰᠢᠷᠡᠭᠡᠨ ᠤ ᠳᠤᠮᠳᠠ ᠠᠴᠠ ᠡᠬᠢᠯᠡᠨ ᠬᠥᠮᠦᠨ ᠪᠦᠬᠦᠨ ᠳᠤ ᠰᠢᠭᠦᠰᠦᠨ ᠤ ᠵᠣᠷᠢᠭ ᠬᠡᠮᠡᠨ ᠤᠤᠭᠤᠯᠭᠠᠨ᠎ᠠ᠃ ᠰᠢᠷᠡᠭᠡᠨ ᠤ ᠭᠤᠣᠯ ᠳᠤ ᠰᠠᠭᠤᠭᠰᠠᠨ ᠬᠥᠮᠦᠨ ᠲᠤᠰ ᠠᠷᠢᠬᠢ ᠶᠢ ᠵᠠᠪᠠᠯ ᠤᠤᠭᠤᠬᠤ ᠬᠡᠷᠡᠭᠲᠡᠢ᠃ ᠪᠤᠰᠤᠳ ᠬᠥᠮᠦᠨ ᠨᠢ ᠪᠦᠭᠦᠳᠡ ᠶᠢ ᠤᠤᠭᠤᠪᠠᠯ ᠪᠦᠷ ᠳᠠᠭᠠᠯᠴᠠᠨ ᠤᠤᠭᠤᠵᠤ ᠳᠠᠭᠤᠰᠬᠠᠨ᠎ᠠ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ