ᠤᠷᠠᠳ ᠮᠣᠩᠭᠤᠯᠴᠤᠳ ᠤᠨ ᠰᠢᠭᠦᠰᠦ ᠲᠠᠯᠪᠢᠬᠤ ᠪᠠ ᠰᠢᠭᠦᠰᠦ ᠡᠪᠳᠡᠬᠦ ᠶᠣᠰᠣᠨ ︵ᠬᠤᠶᠠᠷ︶
ᠨᠡᠶᠢᠲᠡᠯᠡᠭᠰᠡᠨ ᠴᠠᠭ᠄
2024/7/22
      ᠰᠢᠭᠦᠰᠦ ᠡᠪᠳᠡᠬᠦ ᠳᠡᠭᠡᠨ ᠪᠤᠷᠤᠭᠤ ᠲᠠᠯ᠎ᠠ ᠶᠢᠨ ᠵᠠᠯᠠᠭ᠎ᠠ ᠲᠠᠢ ᠱᠠᠭᠠᠨᠲᠤ᠂ ᠤᠭᠤᠷᠠᠭ ᠰᠡᠭᠦᠯ᠂ ᠲᠣᠯᠣᠭᠠᠢ ᠲᠠᠢ ᠨᠢ ᠲᠠᠪᠠᠭᠯᠠᠵᠤ ᠪᠤᠷᠬᠠᠨ ᠤ ᠲᠠᠬᠢᠯᠭ᠎ᠠ ᠪᠣᠯᠭᠠᠳᠠᠭ᠃ ᠲᠡᠭᠡᠭᠡᠳ ᠤᠭᠤᠴᠠᠨ ᠤ ᠨᠠᠢᠮᠠᠨ ᠰᠦᠪᠡᠷᠭᠡ ᠶᠢ ᠨᠢ ᠬᠤᠶᠠᠷ ᠬᠠᠷᠴᠠᠭ᠎ᠠ ᠲᠠᠢ ᠨᠤᠭᠤᠯᠵᠤ᠂ ᠤᠭᠤᠴᠠᠨ ᠤ ᠬᠢᠨᠢ ᠳᠣᠣᠭᠤᠷ ᠨᠢ ᠳᠡᠭᠡᠭᠰᠢ ᠬᠠᠨᠳᠤᠭᠤᠯᠤᠨ ᠳᠠᠷᠤᠵᠤ ᠲᠠᠯᠪᠢᠭᠠᠳ ᠳᠥᠷᠪᠡᠨ ᠮᠥᠴᠢ ᠶᠢ ᠡᠪᠳᠡᠨ᠎ᠡ᠃ ᠬᠠ ᠭᠤᠶ᠎ᠠ ᠪᠦᠭᠦᠳᠡ ᠶᠢ ᠡᠪᠳᠡᠵᠦ ᠪᠠᠷᠠᠭᠰᠠᠨ ᠤ ᠳᠠᠷᠠᠭ᠎ᠠ᠂ ᠤᠭᠤᠴᠠᠨ ᠤ ᠬᠤᠶᠠᠷ ᠲᠠᠯ᠎ᠠ ᠶᠢᠨ ᠮᠢᠬ᠎ᠠ ᠠᠴᠠ ᠨᠠᠷᠢᠨ ᠰᠢᠭ᠋ ᠭᠤᠷᠪᠠ ᠭᠤᠷᠪᠠ ᠵᠦᠰᠦᠭᠡᠳ ᠤᠭᠤᠴᠠᠨ ᠳᠡᠭᠡᠷ᠎ᠡ ᠨᠢ ᠬᠥᠨᠳᠡᠯᠡᠨ ᠲᠣᠬᠤᠵᠤ ᠲᠠᠯᠪᠢᠨ᠎ᠠ᠃      ᠰᠢᠭᠦᠰᠦ ᠪᠠᠨ ᠡᠪᠳᠡᠵᠦ ᠪᠠᠷᠠᠭᠠᠳ ᠬᠤᠪᠢᠶᠠᠬᠤ ᠦᠶ᠎ᠡ ᠳᠤ ᠰᠡᠭᠡᠷ ᠳᠠᠯᠤ ᠳᠥᠷᠪᠡᠨ ᠥᠨᠳᠥᠷ ᠢ  ᠪᠣᠯ ᠠᠬᠠᠮᠠᠳ ᠲᠣᠮᠣᠭᠠᠲᠠᠳ ᠶᠡᠭᠡ ᠬᠥᠮᠦᠨ ᠳᠤ ᠲᠠᠯᠪᠢᠨ᠎ᠠ ᠃ ᠬᠡᠷᠪᠡ ᠬᠤᠷᠢᠮ ᠨᠠᠶᠢᠷ ᠲᠤ ᠪᠣᠯ ᠬᠡᠦᠬᠡᠨ ᠤ ᠨᠠᠭᠠᠴᠤ ᠶᠢᠨ ᠡᠮᠦᠨ᠎ᠡ ᠵᠠᠪᠠᠯ ᠳᠠᠯᠤ ᠳᠥᠷᠪᠡᠨ ᠥᠨᠳᠥᠷ ᠲᠠᠯᠪᠢᠬᠤ ᠬᠡᠷᠡᠭᠲᠡᠢ᠃ ᠳᠠᠯᠤ ᠳᠥᠷᠪᠡᠨ ᠥᠨᠳᠥᠷ ᠢᠶᠠᠨ ᠲᠠᠯᠪᠢᠬᠤ ᠦᠶ᠎ᠡ ᠳᠠᠯᠤᠨ ᠬᠠᠮᠠᠷ ᠢ ᠳᠡᠭᠡᠭᠰᠢ ᠬᠠᠨᠳᠤᠭᠤᠯᠤᠨ ᠮᠥᠭᠡᠷᠰᠦ ᠶᠢ ᠨᠢ ᠬᠢᠲᠤᠭ᠎ᠠ ᠪᠠᠷ ᠬᠥᠨᠳᠡᠵᠦ ᠬᠠᠪᠢᠷᠭᠠᠨ ᠤ ᠪᠤᠷ᠎ᠠ ᠪᠠᠷ ᠬᠤᠶᠠᠷ ᠲᠠᠯ᠎ᠠ ᠶᠢ ᠨᠢ ᠬᠠᠰᠢᠵᠤ ᠲᠠᠯᠪᠢᠬᠤ ᠶᠣᠰᠣᠲᠠᠢ᠃ ᠪᠤᠰᠤᠳ ᠮᠥᠴᠢ ᠶᠢ ᠳᠠᠷᠠᠭᠠᠯᠠᠭᠤᠯᠤᠨ ᠵᠠᠰᠠᠵᠤ ᠲᠠᠯᠪᠢᠬᠤ ᠳᠠᠭᠠᠨ ᠮᠥᠴᠢ ᠪᠦᠬᠦᠨ ᠤ ᠬᠤᠶᠠᠷ ᠲᠠᠯ᠎ᠠ ᠶᠢ ᠬᠠᠪᠢᠷᠭ᠎ᠠ ᠪᠠᠷ ᠬᠠᠰᠢᠭᠰᠠᠨ ᠪᠠᠶᠢᠬᠤ ᠬᠡᠷᠡᠭᠲᠡᠢ᠃ ᠲᠡᠷᠡᠴᠢᠯᠡᠨ ᠮᠥᠴᠢ ᠪᠦᠬᠦᠨ ᠤ ᠳᠡᠭᠡᠷ᠎ᠡ ᠨᠢ ᠤᠭᠤᠴᠠᠨ ᠤ ᠬᠠᠶᠠᠳᠠᠰᠤ ᠶᠢ ᠪᠠᠭ᠎ᠠ  ᠪᠠᠭ᠎ᠠ ᠵᠦᠰᠦᠭᠡᠳ ᠲᠦᠭᠡᠭᠡᠯ ᠪᠣᠯᠭᠠᠨ ᠲᠠᠯᠪᠢᠳᠠᠭ᠃ ᠡᠭᠦᠨ ᠢ ᠬᠥᠮᠦᠨ ᠪᠦᠬᠦᠨ ᠠᠮᠰᠠᠬᠤ ᠶᠣᠰᠣᠲᠠᠢ᠃      ᠤᠭᠤᠴᠠ ᠲᠠᠯᠪᠢᠬᠤ ᠦᠶ᠎ᠡ ᠬᠤᠶᠠᠷ ᠪᠣᠭᠲᠣᠭᠤᠰᠣ ᠶᠢ ᠨᠢ ᠤᠭᠤᠴᠠᠨ ᠤ ᠲᠣᠯᠣᠭᠠᠢ ᠲᠠᠯ᠎ᠠ ᠳᠤᠨᠢ ᠲᠠᠯᠪᠢᠵᠤ᠂ ᠬᠤᠶᠠᠷ ᠱᠠᠭᠠᠨᠲᠤ ᠶᠢ ᠨᠢ ᠤᠭᠤᠴᠠᠨ ᠤ ᠰᠡᠭᠦᠯ ᠲᠠᠯ᠎ᠠ ᠳᠤᠨᠢ ᠵᠠᠰᠠᠨ᠎ᠠ᠃ ᠳᠡᠭᠡᠷ᠎ᠡ ᠨᠢ ᠤᠭᠤᠴᠠ ᠪᠠᠨ ᠬᠥᠮᠥᠷᠢᠵᠦ ᠲᠠᠯᠪᠢᠭᠠᠳ ᠤᠭᠤᠴᠠᠨ ᠳᠡᠭᠡᠷ᠎ᠡ ᠪᠠᠨ ᠰᠡᠭᠡᠷ ᠢᠶᠠᠨ ᠲᠠᠯᠪᠢᠨ᠎ᠠ᠃ ᠢᠩᠭᠢᠭᠡᠳ ᠭᠤᠣᠯ ᠵᠣᠴᠢᠨ ᠤ ᠡᠮᠦᠨ᠎ᠡ ᠲᠠᠯᠪᠢᠨ ᠴᠠᠭᠠᠨ ᠢᠳᠡᠭᠡᠨ ᠪᠤᠶᠤ ᠰᠠᠷᠬᠤᠳ ᠠᠮᠰᠠᠭᠤᠯᠤᠨ ᠤᠭᠤᠴᠠᠨ ᠤ ᠢᠷᠥᠭᠡᠯ ᠬᠡᠯᠡᠨ᠎ᠡ᠃ ᠤᠭᠤᠴᠠᠨ ᠤ ᠢᠷᠥᠭᠡᠯ ᠪᠤᠶᠤ ᠳᠠᠭᠤᠤ ᠪᠠᠷᠠᠭᠰᠠᠨ ᠤ ᠳᠠᠷᠠᠭ᠎ᠠ᠂ ᠨᠠᠶᠢᠷ ᠤᠨ ᠳᠠᠭᠠᠭᠠᠮᠠᠯ ᠠᠴᠠ ᠰᠢᠷᠡᠭᠡᠨ ᠤ ᠭᠤᠣᠯ ᠳᠤ ᠰᠠᠭᠤᠭᠰᠠᠨ ᠵᠣᠴᠢᠨ ᠪᠤᠶᠤ ᠠᠬᠠᠮᠠᠳ ᠲᠣᠮᠣᠭᠠᠲᠠᠳ ᠲᠤ ᠬᠢᠲᠤᠭ᠎ᠠ ᠪᠠᠨ ᠡᠰᠢ ᠪᠠᠷ ᠭᠠᠷᠳᠠᠭᠤᠯᠬᠤ ᠳᠤ ᠲᠡᠳᠡ ᠲᠣᠰᠴᠤ ᠠᠪᠤᠭᠠᠳ ᠪᠤᠷᠬᠠᠨ ᠲᠡᠭᠷᠢ ᠶᠢᠨ ᠬᠡᠰᠢᠭ ᠬᠡᠮᠡᠨ ᠵᠦᠰᠦᠨ ᠠᠪᠴᠤ ᠪᠠᠭᠪᠤᠷ ᠲᠤ ᠬᠢᠵᠦ ︽ᠲᠡᠭᠷᠢ ᠭᠠᠵᠠᠷ ᠢᠶᠠᠨ ᠲᠠᠬᠢ︕︾ ᠭᠡᠬᠦ ᠪᠤᠶᠤ ︽ᠭᠠᠯ ᠳᠠᠭᠠᠨ ᠡᠷᠭᠦ︕︾ ᠬᠡᠮᠡᠨ ᠬᠢᠲᠤᠭ᠎ᠠ ᠶᠢ ᠳᠠᠭᠠᠭᠠᠮᠠᠯ ᠳᠤ ᠪᠤᠴᠠᠭᠠᠨ ᠥᠭᠪᠡᠯ ᠨᠠᠶᠢᠷ ᠤᠨ ᠳᠠᠭᠠᠭᠠᠮᠠᠯ ᠨᠢ ᠪᠤᠷᠤᠭᠤ ᠲᠠᠯ᠎ᠠ ᠶᠢᠨ ᠱᠠᠭᠠᠨᠲᠤ ᠪᠣᠯᠤᠨ ᠤᠭᠤᠷᠠᠭ ᠰᠡᠭᠦᠯ ᠢ ᠨᠢ ᠣᠭᠲᠣᠯᠣᠨ ᠠᠪᠴᠤ ᠪᠤᠷᠬᠠᠨ ᠳᠤ ᠲᠠᠬᠢᠭᠰᠠᠨ ᠤ ᠳᠠᠷᠠᠭ᠎ᠠ ᠰᠢᠭᠦᠰᠦ ᠡᠪᠳᠡᠬᠦ ᠶᠣᠰᠣᠨ ᠢᠶᠠᠷ ᠤᠭᠤᠴᠠ ᠪᠠᠨ ᠡᠪᠳᠡᠭᠡᠳ᠂ ᠤᠭᠤᠴᠠᠨ ᠤ ᠬᠤᠶᠠᠷ ᠲᠠᠯ᠎ᠠ ᠶᠢᠨ ᠮᠢᠬ᠎ᠠ ᠠᠴᠠ ᠵᠦᠰᠦᠵᠦ ᠤᠭᠤᠴᠠᠨ ᠤ ᠬᠠᠶᠠᠳᠠᠰᠤ ᠬᠡᠮᠡᠨ ᠤᠭᠤᠴᠠᠨ ᠳᠤ ᠰᠠᠭᠤᠭ᠎ᠠ ᠬᠥᠮᠦᠰ ᠲᠤ ᠲᠦᠭᠡᠭᠡᠳᠡᠭ᠃      ᠳᠠᠯᠤ ᠳᠥᠷᠪᠡᠨ ᠥᠨᠳᠥᠷ᠂ ᠮᠥᠴᠢ ᠪᠠᠷ ᠳᠠᠶᠢᠯᠠᠬᠤ ᠶᠣᠰᠣ ᠨᠢ ᠮᠥᠨ ᠳᠡᠭᠡᠷᠡᠬᠢ ᠶᠣᠰᠣ ᠵᠢᠷᠤᠮ ᠲᠠᠢ ᠠᠳᠠᠯᠢ ᠢᠷᠡᠭᠰᠡᠨ ᠭᠡᠶᠢᠴᠢᠳ ᠵᠣᠴᠢᠳ ᠢᠶᠠᠨ ᠳᠠᠶᠢᠯᠠᠬᠤ ᠳᠥᠭᠦᠮᠴᠢᠯᠡᠭᠰᠡᠨ ᠠᠷᠭ᠎ᠠ ᠪᠠᠷᠢᠯ ᠪᠣᠯᠣᠨ᠎ᠠ᠃ ᠭᠡᠬᠦ ᠳᠡᠭᠡᠨ ᠳᠠᠯᠤ ᠶᠢᠨ ᠮᠢᠬ᠎ᠠ ᠶᠢ ᠳᠠᠶᠠᠭᠠᠷ ᠲᠤ ᠬᠡᠮᠡᠨ ᠳᠠᠯᠤ ᠶᠢᠨ ᠮᠢᠬ᠎ᠠ ᠶᠢ ᠬᠥᠮᠦᠰ ᠲᠤ ᠪᠦᠷ ᠬᠤᠪᠢᠶᠠᠵᠤ ᠥᠭᠳᠡᠭ᠃ ᠲᠡᠭᠡᠬᠦ ᠳᠡᠭᠡᠨ ᠨᠠᠭᠠᠴᠤ ᠶᠢᠨ ᠳᠡᠷᠭᠡᠳᠡ ᠬᠡᠦᠬᠡᠳ ᠳᠠᠯᠤ ᠢᠳᠡᠵᠦ ᠪᠣᠯᠳᠠᠭ ᠦᠭᠡᠢ᠃ ᠳᠠᠯᠤ ᠶᠢ ᠰᠢᠳᠦ ᠪᠠᠷ ᠬᠠᠵᠠᠵᠤ ᠮᠡᠷᠡᠵᠦ ᠴᠠᠭᠠᠯᠠᠬᠤ ᠪᠢᠰᠢ᠂ ᠬᠠᠷᠢᠨ ᠬᠢᠲᠤᠭ᠎ᠠ ᠪᠠᠷ ᠴᠠᠭᠠᠯᠠᠵᠤ ᠪᠠᠷᠠᠭᠰᠠᠨ ᠤ ᠳᠠᠷᠠᠭ᠎ᠠ᠂ ᠥᠨᠳᠥᠷ ᠨᠠᠰᠤᠲᠠᠶᠢᠴᠤᠳ ᠢ ︽ᠳᠠᠯᠤ ᠰᠢᠨᠵᠢᠭᠡᠳ ᠥᠭ︕︾ ᠭᠡᠵᠦ ᠭᠤᠶᠤᠬᠤ ᠳᠤ ᠳᠠᠯᠤ ᠰᠢᠨᠵᠢᠳᠡᠭ ᠨᠠᠰᠤᠲᠠᠶᠢᠴᠤᠳ ᠳᠠᠯᠤ ᠰᠢᠨᠵᠢᠵᠦ ᠥᠭᠳᠡᠭ ᠪᠥᠭᠡᠳ ᠰᠢᠨᠵᠢᠭᠰᠡᠨ ᠳᠠᠯᠤ ᠪᠠᠨ ᠰᠡᠲᠡᠯᠵᠦ ᠡᠪᠳᠡᠳᠡᠭ᠃      ᠤᠷᠠᠳ ᠨᠤᠲᠤᠭ ᠲᠤ ᠳᠡᠭᠡᠷ᠎ᠡ ᠦᠶ᠎ᠡ ᠠᠴᠠ ᠪᠠᠨ ᠳᠠᠯᠤ ᠶᠢ ᠶᠡᠭᠡ ᠯᠡ ᠰᠢᠨᠵᠢᠳᠡᠭ ᠵᠠᠩᠰᠢᠯ ᠲᠠᠢ ᠪᠥᠭᠡᠳ ᠳᠠᠯᠤ ᠪᠠᠨ ᠪᠠᠰᠠ ᠪᠥᠬᠡ ᠪᠠᠷ ᠰᠢᠨᠵᠢᠭᠦᠯᠳᠡᠭ᠃ ᠪᠥᠭᠡ ᠨᠠᠷ ᠳᠠᠯᠤ ᠰᠢᠨᠵᠢᠬᠦ ᠦᠶ᠎ᠡ ᠬᠥᠬᠡ ᠢᠮᠠᠭ᠎ᠠ ᠠᠯᠠᠵᠤ ᠳᠠᠯᠤ ᠶᠢ ᠨᠢ ᠭᠠᠯ ᠳᠤ ᠰᠢᠷᠠᠵᠤ ᠰᠢᠨᠵᠢᠳᠡᠭ᠃ ᠡᠨᠡ ᠵᠤᠷᠰᠢᠯ 20 ᠳ᠋ᠤᠭᠠᠷ ᠵᠠᠭᠤᠨ ᠤ ᠭᠤᠴᠢᠭᠠᠳ ᠣᠨ ᠬᠦᠷᠲᠡᠯ᠎ᠡ ᠤᠷᠠᠳ ᠤᠨ ᠡᠮᠦᠨᠡᠲᠦ ᠬᠤᠰᠢᠭᠤᠨ ᠳᠤ ᠶᠠᠪᠤᠭᠳᠠᠵᠤ ᠪᠠᠶᠢᠭᠰᠠᠨ ᠪᠥᠭᠡᠳ ᠲᠤᠰ ᠬᠤᠰᠢᠭᠤᠨ ᠤ ᠵᠢᠭᠤᠴᠢᠨ ᠰᠤᠮᠤᠨ ᠤ ᠨᠡᠷᠡᠲᠦ ᠪᠥᠭᠡ ᠬᠤᠸᠠᠩᠳᠢ ᠭᠡᠭᠴᠢ ᠬᠥᠮᠦᠨ ᠬᠡᠷᠡᠭᠵᠢᠭᠦᠯᠵᠦ ᠪᠠᠶᠢᠭᠰᠠᠨ ᠶᠤᠮ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ