ᠡᠷ᠎ᠡ ᠬᠥᠮᠦᠨ ᠬᠡᠮᠡᠬᠦ ᠡᠨᠡ ᠪᠡᠶ᠎ᠡ ᠶᠢᠨ ᠤᠩᠰᠢᠭᠤ
ᠨᠡᠶᠢᠲᠡᠯᠡᠭᠰᠡᠨ ᠴᠠᠭ᠄
2024/7/22
 ᠭᠡᠷᠡᠯ ᠵᠦᠰᠦᠨ ᠡᠵᠢ ᠠᠴᠠ ᠲᠥᠷᠥᠬᠦ ᠳᠤ ᠭᠡᠭᠡᠨ ᠬᠤᠷᠸ᠎ᠠ ᠶᠢᠨ ᠥᠭᠡᠳᠡᠰᠦ ᠠᠮᠢ ᠪᠡᠶ᠎ᠡ ᠲᠠᠢ ᠠᠭᠠᠷ ᠦᠨᠦᠰᠦᠨ ᠠᠪᠤ ᠪᠠᠷ ᠢᠶᠠᠨ ᠲᠡᠪᠡᠷᠢᠭᠦᠯᠬᠦ ᠳᠤ ᠠᠯᠠᠭᠠᠨ ᠳᠤ ᠨᠢ ᠲᠣᠷᠮᠣᠶᠢᠭᠰᠠᠨ ᠪᠡᠯᠴᠢᠷ ᠪᠡᠶ᠎ᠡ ᠮᠢᠨᠢ ᠠᠯᠬᠤᠵᠤ ᠡᠷ᠎ᠡ ᠶᠢᠨ ᠴᠢᠨᠡᠭᠡ ᠬᠦᠷᠬᠦ ᠳᠤ ᠠᠮᠢᠳᠤᠷᠠᠯ ᠤᠨ ᠬᠠᠲᠠᠭᠤ ᠳᠤ ᠣᠶᠢᠷᠠᠲᠤᠭᠰᠠᠨ ᠠᠶᠠᠨ ᠮᠢᠨᠢ ᠣᠯᠠᠨ ᠵᠢᠯ ᠤᠨ ᠤᠷᠲᠤᠬᠠᠨ ᠴᠤᠪᠤᠭ᠎ᠠ ᠶᠢ ᠴᠤᠯᠪᠤᠭᠤᠷ ᠰᠢᠭ᠋ ᠡᠪᠬᠡᠵᠦ ᠰᠤᠷ ᠰᠢᠭ᠋ ᠡᠯᠡᠭᠡᠵᠦ ᠦᠳᠡᠯ᠎ᠡ ᠣᠯᠳᠠᠬᠤ ᠪᠦᠬᠦᠨ ᠤᠬᠠᠭᠠᠨ ᠤ ᠴᠠᠬᠢᠭᠤᠷ ᠢ ᠴᠦᠳᠡᠩ ᠰᠢᠭ ᠵᠢᠷᠤᠵᠤ᠂ ᠵᠤᠯᠠ ᠰᠢᠭ᠋ ᠠᠰᠠᠭᠠᠵᠤ ᠴᠤ ᠶᠠᠪᠤᠯ᠎ᠠ  ᠭᠡᠬᠦ ᠳᠤ᠂ ᠶᠠᠪᠤᠵᠤ ᠢᠷᠡᠬᠦ ᠠᠶᠠᠨ ᠤ ᠰᠢᠯᠭᠠᠭᠤᠷ ᠮᠥᠷ ᠲᠤ ᠴᠢᠯᠠᠭᠤ ᠬᠠᠶᠠ ᠰᠢᠳᠡᠬᠦ ᠵᠠᠪᠬᠠᠢ ᠪᠤᠢ ᠶᠢ ᠬᠠᠷᠠᠭᠰᠠᠨ ᠳ᠋ᠠ ᠭᠡᠭᠡ ᠪᠣᠯᠭᠠᠨ ᠳᠠᠩᠳᠠ ᠪᠠᠨ ᠰᠠᠶᠢᠬᠠᠨ ᠲᠤᠰᠳᠠᠭ ᠦᠭᠡᠢ ᠶᠢ ᠴᠠᠭᠠᠳᠤᠬᠢ ᠨᠡᠲᠦᠪᠡᠯᠵᠡᠭᠡ ᠪᠦᠷᠦᠭ ᠪᠣᠯᠭᠠᠨ ᠠᠴᠠ ᠲᠠᠨᠢᠭᠰᠠᠨ ᠳ᠋ᠠ ᠬᠥᠮᠦᠨ ᠤ ᠠᠮᠢᠳᠤᠷᠠᠯ ᠤᠨ ᠳᠠᠪᠠᠭ᠎ᠠ ᠣᠯᠠᠨ ᠭᠡᠳᠡᠭ ᠬᠤᠶᠢᠨ᠎ᠠ ᠶᠠᠭᠤ ᠡᠰᠡ ᠬᠠᠷᠭᠤᠬᠤ ᠦᠭᠡᠢ ᠪᠤᠢ᠂ ᠥᠯᠥ ᠴᠤᠴᠠᠵᠤ ᠣᠶᠢᠰᠢᠶᠠᠨᠠᠮ  ︽ᠲᠡᠭᠷᠢ ᠰᠢᠭ ᠯᠡ ᠪᠠᠢ…︾ ᠤᠷᠮ᠎ᠠ ᠶᠢᠨ ᠰᠠᠴᠤᠯᠢ ᠤᠷᠤᠰᠬᠤ ᠴᠢᠰᠤᠨ ᠳᠤ ᠮᠢᠨᠢ ᠡᠭᠦᠷᠢ ᠳᠦᠷᠡᠯᠵᠡᠨ ᠴᠣᠬᠢᠯᠤᠭ᠎ᠠ ᠪᠣᠯᠬᠤᠷ ᠲᠠᠮᠢᠷᠯᠢᠭ ᠲᠡᠪᠴᠢᠶᠡᠷᠢ᠂ ᠤᠳᠤᠮᠰᠢᠯ ᠤᠨ ᠶᠣᠰᠣ ᠭᠤᠷᠢᠮ ᠮᠠᠷᠲᠠᠬᠤ ᠶᠢᠨ ᠵᠢᠮ᠎ᠡ ᠦᠭᠡᠢ ᠶᠠᠰᠤᠨ ᠳᠤ ᠮᠢᠨᠢ ᠰᠢᠩᠭᠡᠭᠡ ᠤᠴᠢᠷ ᠭᠤᠨᠢᠭ ᠰᠡᠭᠦᠷᠡᠰᠦ ᠪᠦᠬᠦᠨ ᠢ ᠢᠴᠢᠭᠦᠷᠢ ᠳᠤ ᠠᠷᠴᠢᠨ ᠨᠢᠯᠪᠤᠰᠤ ᠪᠠᠷ ᠲᠠᠶᠢᠯᠬᠤ ᠰᠢᠯᠲᠠᠭ ᠥᠨᠥ ᠨᠠᠳᠠ ᠳᠤ ᠠᠯᠠᠭ᠎ᠠ  ᠡᠶᠢᠨᠬᠦ᠂ ᠡᠭᠡᠯ ᠪᠣᠯᠪᠠᠴᠤ ᠡᠨᠡ ᠪᠡᠶ᠎ᠡ ᠪᠠᠷ ᠢᠶᠠᠨ ᠪᠢ ᠡᠷᠡᠯᠬᠡᠭ ᠪᠦᠷᠭᠦᠳ ᠮᠡᠲᠦ ᠭᠡᠳᠡᠶᠢᠵᠦ ᠢᠷᠡᠭᠰᠡᠨ ᠮᠠᠨᠢ ᠤᠴᠢᠷᠲᠠᠢ ᠡᠷᠭᠢᠵᠦ ᠭᠠᠭᠴᠠᠬᠠᠨ ᠲᠥᠷᠥᠯ ᠳᠡᠭᠡᠨ ᠣᠯᠳᠠᠰᠢ ᠦᠭᠡᠢ ᠡᠨᠡ ᠨᠠᠰᠤᠨ ᠤ ᠪᠠᠨ ᠪᠣᠰᠤᠭ᠎ᠠ ︽ᠢᠲᠡᠭᠡᠯ︾ ᠥᠭᠡᠳᠡ ᠪᠢ ᠡᠷ᠎ᠡ ᠬᠥᠮᠦᠨ ᠬᠡᠮᠡᠬᠦ ᠡᠭᠦᠷᠢ ᠲᠠᠩᠭᠠᠷᠢᠭ ᠤᠨ ᠤᠩᠰᠢᠭᠤ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ