ᠨᠠᠮᠤᠭᠤᠬᠠᠨ ᠰᠥᠨᠢ ᠶᠢᠨ ᠪᠣᠳᠣᠯ
ᠨᠡᠶᠢᠲᠡᠯᠡᠭᠰᠡᠨ ᠴᠠᠭ᠄
2024/7/22
 ᠬᠥᠳᠡᠭᠡ ᠨᠤᠲᠤᠭ ᠤᠨ ᠰᠥᠨᠢ ᠨᠠᠪ ᠨᠠᠮᠤᠭᠤᠬᠠᠨ ᠬᠥᠬᠡ ᠲᠡᠭᠷᠢ ᠳᠤ ᠮᠥᠩᠭᠦᠨ ᠣᠳᠣᠳ ᠰᠢᠭᠢᠳᠬᠡᠵᠦ ᠠᠶᠠᠰ ᠤᠨ ᠰᠠᠯᠬᠢ ᠦᠶᠡᠯᠡᠨ ᠢᠯᠪᠢᠵᠦ ᠠᠭᠢ ᠶᠢᠨ ᠦᠨᠦᠷ ᠰᠡᠩᠭᠢᠨᠡᠨ ᠠᠩᠬᠢᠯᠤᠨ᠎ᠠ  ᠴᠠᠳᠬᠤᠯᠠᠩ ᠮᠠᠯ ᠬᠤᠲᠠᠨ ᠳᠤ ᠢᠷᠠᠭᠯᠠᠵᠤ ᠴᠠᠶᠢᠳᠠᠮ ᠤᠨ ᠮᠡᠯᠡᠬᠡᠢ ᠬᠠᠶᠠ ᠭᠤᠸᠠᠭᠯᠠᠵᠤ ᠬᠤᠯᠠ ᠳᠤ ᠨᠣᠬᠠᠢ ᠬᠤᠴᠠᠬᠤ ᠳᠠᠭᠤᠨ ᠰᠣᠨᠣᠰᠳᠠᠵᠤ ᠬᠤᠷᠸ᠎ᠠ ᠳᠤ ᠢᠷᠠᠭᠤ ᠰᠣᠨᠣᠰᠬᠤᠯᠠᠩ ᠪᠦᠷᠢᠳᠦᠨ᠎ᠡ  ᠲᠠᠶᠢᠪᠤᠩ ᠨᠠᠮᠤᠭᠤᠬᠠᠨ ᠬᠥᠳᠡᠭᠡ ᠶᠢᠨ ᠰᠥᠨᠢ ᠲᠡᠭᠷᠢ ᠶᠢᠨ ᠣᠩᠭᠤᠳ ᠰᠡᠮᠬᠡᠨ ᠪᠠᠭᠤᠵᠤ ᠲᠠᠷᠨᠢ ᠴᠠᠬᠢᠵᠤ ᠨᠠᠮ᠎ᠠ ᠶᠢ ᠰᠣᠴᠢᠭᠠᠬᠤ ᠪᠠᠷ ᠲᠠᠷᠢᠬᠢ ᠰᠡᠷᠭᠦᠨ ᠰᠢᠯᠦᠭ ᠪᠢᠴᠢᠭᠦᠯᠦᠨ᠎ᠡ  ᠲᠣᠭᠯᠠᠵᠤ ᠥᠰᠦᠭᠰᠡᠨ ᠪᠤᠲᠠ ᠪᠤᠷᠭᠠᠰᠤ ᠮᠢᠨᠢ ᠬᠦᠷᠲᠡᠯ᠎ᠡ ᠳᠣᠬᠢᠯᠵᠠᠵᠤ ᠨᠠᠮ᠎ᠠ ᠶᠢ ᠡᠨᠡᠷᠢᠵᠦ ᠦᠳᠡᠭᠰᠡᠨ ᠶᠤᠮ ᠲᠤᠭ᠎ᠠ ᠦᠭᠡᠢ ᠶᠠᠪᠤᠬᠤ ᠲᠡᠷᠡ ᠵᠠᠮ ᠢᠶᠠᠷ ᠢᠷᠡᠬᠦ ᠪᠦᠷᠢ ᠲᠣᠭᠤᠨᠣ ᠶᠢᠨ ᠤᠲᠤᠭ᠎ᠠ ᠶᠢ ᠬᠠᠷᠠᠮᠠᠭᠴᠠ ᠡᠵᠢ ᠪᠠᠨ ᠪᠣᠳᠣᠳᠠᠭ  ᠠᠯᠲᠠᠨ ᠰᠤᠷᠭᠠᠯᠲᠤ ᠠᠪᠤ ᠡᠵᠢ ᠮᠢᠨᠢ ᠣᠷᠴᠢᠯᠠᠩ ᠤᠨ ᠵᠢᠮ᠎ᠡ ᠪᠠᠷ ᠥᠭᠡᠳᠡ ᠪᠣᠯᠤᠯ᠎ᠠ ᠣᠷᠣᠰᠢᠭᠤᠯᠵᠤ ᠲᠠᠯᠪᠢᠭᠰᠠᠨ ᠬᠤᠣᠰ ᠬᠤᠶᠠᠷ ᠮᠢᠨᠢ ᠠᠮᠢᠨ ᠤ ᠨᠤᠲᠤᠭ ᠲᠠᠭᠠᠨ ᠨᠣᠶᠢᠷᠰᠣᠵᠤ ᠪᠤᠢ  ᠡᠵᠢ ᠶᠢᠨ ᠮᠢᠨᠢ ᠦᠨᠦᠷ ᠲᠠᠢ ᠬᠥᠳᠡᠭᠡ ᠨᠤᠲᠤᠭ ᠡᠷᠡᠭᠦᠯᠵᠢᠯ ᠤᠨ ᠬᠦᠴᠦᠨ ᠲᠠᠢ ᠠᠯᠲᠠᠨ ᠰᠢᠷᠣᠢ ᠡᠷᠬᠡᠰ ᠪᠡᠶ᠎ᠡ ᠶᠢ ᠮᠢᠨᠢ ᠲᠡᠩᠴᠡᠭᠦᠷᠢᠰᠢᠭᠦᠯᠬᠦ ᠡᠷᠴᠢ ᠰᠠᠬᠢᠭᠤᠰᠤ ᠲᠠᠢ ᠳ᠋ᠧᠪᠠᠵᠠᠨ ᠤ ᠣᠷᠣᠨ ᠶᠤᠮ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ