ᠨᠠᠷᠠᠨ ᠤᠷᠭᠤᠬᠤ ᠵᠦᠭ ᠲᠤ
ᠨᠡᠶᠢᠲᠡᠯᠡᠭᠰᠡᠨ ᠴᠠᠭ᠄
2024/7/22
 ᠨᠠᠷᠠᠨ ᠤᠷᠭᠤᠬᠤ ᠵᠦᠭ ᠲᠤ ᠲᠥᠷᠬᠦᠮ ᠮᠢᠨᠢ ᠪᠠᠶᠢᠳᠠᠭ ᠨᠠᠮ᠎ᠠ ᠶᠢ ᠰᠠᠨᠠᠵᠤ ᠥᠬᠦᠭᠡᠷᠳᠡᠳᠡᠭ ᠠᠪᠤ ᠮᠢᠨᠢ ᠪᠠᠶᠢᠳᠠᠭ ᠪᠦᠳᠦᠷᠢᠬᠦ ᠳᠤ ᠤᠬᠠᠭᠤᠯᠵᠤ ᠪᠣᠰᠬᠠᠳᠠᠭ ᠲᠠᠮᠢᠷ ᠨᠢ ᠪᠠᠶᠢᠳᠠᠭ ᠪᠤᠷᠤᠭᠤᠳᠠᠬᠤ ᠳᠤ ᠠᠭᠤᠴᠢᠯᠠᠵᠤ ᠰᠤᠷᠭᠠᠳᠠᠭ ᠦᠭᠡ ᠨᠢ ᠪᠠᠶᠢᠳᠠᠭ ᠲᠡᠷᠡ ᠯᠡ ᠴᠡᠭ ᠲᠤ ᠵᠢᠷᠦᠬᠡ ᠮᠢᠨᠢ ᠠᠷᠭᠠᠮᠵᠢᠶ᠎ᠠ ᠲᠠᠢ ᠳᠠᠩᠳᠠ ᠪᠠᠨ ᠬᠦᠷᠳᠡᠭ ᠵᠡᠭᠦᠳᠦᠨ ᠬᠥᠯ ᠲᠠᠢ ᠡ ᠨᠠᠷᠠᠨ ᠤᠷᠭᠤᠬᠤ ᠵᠦᠭ ᠲᠤ ᠲᠥᠷᠬᠦᠮ ᠮᠢᠨᠢ ᠪᠠᠶᠢᠳᠠᠭ ᠨᠠᠮ᠎ᠠ ᠶᠢ ᠡᠩᠬᠦᠷᠡᠶᠢᠯᠡᠵᠦ ᠦᠨᠦᠰᠳᠡᠭ ᠡᠵᠢ ᠮᠢᠨᠢ ᠪᠠᠶᠢᠳᠠᠭ ᠡᠪᠦᠷ ᠲᠤ ᠨᠢ ᠵᠡᠭᠦᠷᠮᠡᠭᠯᠡᠨ ᠠᠮᠲᠠᠲᠤ ᠨᠣᠶᠢᠷ ᠮᠢᠨᠢ ᠪᠠᠶᠢᠳᠠᠭ ᠡᠩᠭᠡᠷ ᠲᠤ ᠨᠢ ᠡᠷᠬᠡᠯᠡᠳᠡᠭ ᠭᠡᠨᠡᠨ ᠠᠭᠠᠰᠢ ᠮᠢᠨᠢ ᠪᠠᠶᠢᠳᠠᠭ ᠲᠡᠷᠡ ᠯᠡ ᠴᠡᠭ ᠲᠤ ᠵᠢᠷᠦᠬᠡ ᠮᠢᠨᠢ ᠠᠷᠭᠠᠮᠵᠢᠶ᠎ᠠ ᠲᠠᠢ ᠳᠠᠩᠳᠠ ᠪᠠᠨ ᠬᠦᠷᠳᠡᠭ ᠵᠡᠭᠦᠳᠦᠨ ᠬᠥᠯ ᠲᠠᠢ ᠡ  ᠨᠠᠷᠠᠨ ᠤᠷᠭᠤᠬᠤ ᠵᠦᠭ ᠲᠤ ᠲᠥᠷᠬᠦᠮ ᠮᠢᠨᠢ ᠪᠠᠶᠢᠳᠠᠭ ᠨᠢᠯᠬ᠎ᠠ ᠳᠠᠭᠤᠨ ᠢ ᠬᠠᠳᠠᠭᠰᠠᠨ ᠥᠷᠭᠦᠭᠡ ᠮᠢᠨᠢ ᠪᠠᠶᠢᠳᠠᠭ ᠨᠠᠮ᠎ᠠ ᠶᠢ ᠰᠠᠨᠠᠵᠤ ᠬᠦᠯᠢᠶᠡᠳᠡᠭ ᠰᠠᠳᠤᠨ ᠮᠢᠨᠢ ᠪᠠᠶᠢᠳᠠᠭ ᠨᠠᠭᠠᠳᠴᠤ ᠴᠤᠤᠭᠢᠭᠤᠯᠤᠭᠰᠠᠨ ᠢᠨᠢᠶᠡᠳᠦ ᠨᠢᠯᠪᠤᠰᠤ ᠪᠠᠶᠢᠳᠠᠭ ᠡ ᠲᠡᠷᠡ ᠯᠡ ᠴᠡᠭ ᠲᠤ ᠵᠢᠷᠦᠬᠡ ᠮᠢᠨᠢ ᠠᠷᠭᠠᠮᠵᠢᠶ᠎ᠠ ᠲᠠᠢ ᠳᠠᠩᠳᠠ ᠪᠠᠨ ᠬᠦᠷᠳᠡᠭ ᠵᠡᠭᠦᠳᠦᠨ ᠬᠥᠯ ᠲᠠᠢ ᠡ  ᠨᠠᠷᠠᠨ ᠤᠷᠭᠤᠬᠤ ᠵᠦᠭ ᠲᠤ ᠲᠥᠷᠬᠦᠮ ᠮᠢᠨᠢ ᠪᠠᠶᠢᠳᠠᠭ ᠨᠠᠶᠢᠷᠲᠠᠢ ᠶᠠᠪᠤᠯᠴᠠᠳᠠᠭ ᠬᠥᠷᠰᠢ ᠰᠠᠭᠠᠬᠠᠯᠲᠠ ᠮᠢᠨᠢ ᠪᠠᠶᠢᠳᠠᠭ ᠢᠩ ᠬᠤᠳᠳᠤᠭ ᠳᠡᠭᠡᠷ᠎ᠡ ᠵᠣᠭᠤᠭ ᠮᠢᠨᠢ ᠪᠠᠶᠢᠳᠠᠭ ᠢᠳᠡᠭᠡᠨ ᠠᠴᠠ ᠥᠯ ᠲᠠᠢ ᠪᠤᠭᠤᠷᠤᠯ ᠤᠨ ᠰᠤᠷᠭᠠᠯ ᠪᠠᠶᠢᠳᠠᠭ ᠡ ᠲᠡᠷᠡ ᠯᠡ ᠴᠡᠭ ᠲᠤ ᠵᠢᠷᠦᠬᠡ ᠮᠢᠨᠢ ᠠᠷᠭᠠᠮᠵᠢᠶ᠎ᠠ ᠲᠠᠢ ᠳᠠᠩᠳᠠ ᠪᠠᠨ ᠬᠦᠷᠳᠡᠭ ᠵᠡᠭᠦᠳᠦᠨ ᠬᠥᠯ ᠲᠠᠢ ᠡ  ᠨᠠᠷᠠᠨ ᠤᠷᠭᠤᠬᠤ ᠵᠦᠭ ᠲᠤ ᠲᠥᠷᠬᠦᠮ ᠮᠢᠨᠢ ᠪᠠᠶᠢᠳᠠᠭ  ᠨᠠᠨᠳᠢᠨ ᠬᠦᠰᠡᠯ ᠳᠡᠭᠡᠨ ᠴᠢᠷᠮᠠᠶᠢᠳᠠᠭ ᠨᠠᠶᠢᠵᠠ ᠨᠠᠷ ᠪᠠᠶᠢᠳᠠᠭ ᠰᠢᠰᠢᠨ ᠵᠠᠷᠮ᠎ᠠ ᠪᠠᠨ ᠬᠤᠪᠢᠶᠠᠯᠴᠠᠳᠠᠭ ᠨᠥᠬᠦᠷᠯᠡᠯ ᠮᠢᠨᠢ ᠪᠠᠶᠢᠳᠠᠭ ᠰᠠᠮ ᠢᠶᠠᠷ ᠲᠣᠭᠤᠭᠰᠠᠨ ᠬᠦᠦ ᠶᠢᠨ ᠵᠠᠩ ᠴᠤ ᠪᠠᠶᠢᠳᠠᠭ ᠡ ᠲᠡᠷᠡ ᠯᠡ ᠴᠡᠭ ᠲᠤ ᠵᠢᠷᠦᠬᠡ ᠮᠢᠨᠢ ᠠᠷᠭᠠᠮᠵᠢᠶ᠎ᠠ ᠲᠠᠢ ᠳᠠᠩᠳᠠ ᠪᠠᠨ ᠬᠦᠷᠳᠡᠭ ᠵᠡᠭᠦᠳᠦᠨ ᠬᠥᠯ ᠲᠠᠢ ᠡ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ