ᠬᠠᠶᠢᠷ᠎ᠠ ᠪᠠᠷ ᠳᠡᠯᠭᠡᠷᠡᠭᠰᠡᠨ ︽ᠰᠠᠷᠠᠨ᠎ᠠ︾ ᠮᠢᠨᠢ
ᠨᠡᠶᠢᠲᠡᠯᠡᠭᠰᠡᠨ ᠴᠠᠭ᠄
2024/7/22
 ᠮᠤᠨᠠ ᠶᠢᠨ ᠰᠠᠷᠢᠳᠠᠭ ᠪᠠᠷᠠᠯᠠᠵᠤ ᠬᠠᠩᠭᠠᠢ ᠶᠢᠨ ᠠᠭᠤᠵᠢᠮ ᠳᠤ ᠦᠨᠳᠦᠰᠦᠯᠡᠭᠰᠡᠨ ᠮᠣᠩᠭᠤᠯ ᠰᠣᠶᠣᠯ ᠠᠴᠠ ᠣᠯᠪᠠᠭᠠᠯᠠᠨ ᠬᠠᠲᠤᠨ ᠤ ᠬᠥᠪᠡᠭᠡ ᠠᠴᠠ ᠳᠡᠯᠭᠡᠷᠡᠭᠰᠡᠨ ᠮᠣᠷᠢᠨ ᠲᠦᠪᠡᠷᠭᠡᠨ ᠴᠢᠩᠨᠠᠵᠤ ᠬᠠᠨᠢ ᠶᠢᠨ ᠪᠠᠷ᠎ᠠ ᠰᠠᠷᠠᠪᠴᠢᠯᠠᠭᠰᠠᠨ ᠮᠥᠩᠬᠡ ᠲᠡᠭᠷᠢ ᠠᠴᠠ ᠠᠳᠢᠰᠯᠠᠵᠤ ᠬᠠᠶᠢᠷ᠎ᠠ ᠶᠢᠨ ᠡᠯᠴᠢᠨ ᠪᠣᠯᠣᠭᠰᠠᠨ ᠳᠡᠪᠡᠯ ᠤᠨ ᠳᠣᠲᠣᠭᠠᠳᠤ ᠡᠪᠦᠷ ᠲᠡᠭᠡᠨ ᠨᠢᠮᠪᠠᠶᠢᠯᠠᠵᠤ ᠰᠠᠶᠢᠬᠠᠨ ᠡᠪᠦᠷᠯᠡᠵᠦ ᠲᠠᠰᠬᠢᠮ᠎ᠠ ᠵᠤᠳ ᠰᠢᠭᠤᠷᠭ᠎ᠠ ᠳᠤ ᠴᠤ ᠦᠷ᠎ᠡ ᠪᠠᠨ ᠰᠢᠭ ᠪᠥᠭᠡᠴᠡᠶᠢᠯᠡᠵᠦ ᠲᠡᠷᠭᠡᠯ ᠴᠠᠭᠠᠨ ᠥᠷᠭᠦᠭᠡ ᠳᠡᠭᠡᠨ ᠬᠠᠳᠠᠭ ᠢᠶᠠᠷ ᠳᠡᠭᠡᠳᠦᠯᠡᠵᠦ ᠳᠡᠯᠡᠬᠡᠢ ᠬᠠᠷᠠᠭᠰᠠᠨ ᠳᠡᠯᠪᠡᠭᠡ ᠨᠢ ᠲᠦᠮᠡᠨ ᠤ ᠰᠡᠳᠬᠢᠯ ᠳᠤ ᠮᠦᠰᠢᠶᠡᠵᠦ  ᠥᠩᠭᠡ ᠥᠩᠭᠡ ᠶᠢᠨ ᠡᠷᠪᠡᠬᠡᠢ ᠦᠨᠦᠰᠦᠨ ᠲᠠᠭᠠᠯᠠᠨ ᠬᠤᠷᠭᠤᠳᠠᠭᠰᠠᠨ ᠦᠶ᠎ᠡ ᠦᠶ᠎ᠡ ᠶᠢᠨ ᠬᠥᠮᠦᠰ ᠥᠮᠴᠢᠷᠬᠡᠨ ᠳᠣᠳᠣᠮᠳᠠᠨ ᠥᠰᠬᠡᠭᠰᠡᠨ ᠥᠨᠢᠷ ᠲᠠᠩᠰᠤᠭ ᠨᠤᠲᠤᠭ ᠤᠨ ᠥᠷᠭᠡᠨ ᠲᠠᠯ᠎ᠠ ᠪᠠᠷ ᠳᠡᠯᠭᠡᠷᠡᠭᠰᠡᠨ ᠦᠵᠡᠰᠬᠦᠯᠡᠩ ᠴᠡᠴᠡᠭᠡᠰ ᠤᠨ ᠬᠠᠮᠲᠤ ᠥᠪᠡᠷᠮᠢᠴᠡ ᠭᠠᠩᠭᠠᠩ ᠢᠶᠠᠨ ᠭᠠᠶᠢᠬᠠᠭᠤᠯᠤᠭᠰᠠᠨ  ᠥᠨᠳᠥᠷ ᠲᠡᠭᠷᠢ ᠭᠠᠩᠳᠠᠵᠤ ᠡᠪᠡᠰᠦᠲᠦ ᠲᠠᠯ᠎ᠠ ᠬᠤᠪᠠᠭ᠋ᠠᠶᠢᠷᠠᠭᠰᠠᠨ ᠴᠤ ᠦᠷᠡᠯᠡᠨ ᠳᠡᠯᠭᠡᠷᠡᠬᠦ ᠤᠯᠠᠷᠢᠯ ᠢᠶᠠᠨ ᠥᠴᠦᠬᠡᠨ ᠴᠤ ᠴᠠᠯᠠᠭᠠᠶᠢᠷᠠᠵᠤ ᠰᠠᠭᠠᠲᠠᠯ ᠦᠭᠡᠢ ᠦᠢ ᠲᠦᠮᠡᠨ ᠤ ᠪᠦᠪᠡᠢ ᠳᠤ ᠦᠨᠳᠦᠰᠦ ᠭᠦᠨ ᠠᠮᠢᠯᠠᠭᠰᠠᠨ ᠢᠶᠠᠷ ᠢᠶᠠᠨ ᠦᠷᠡᠭᠳᠡᠯ ᠭᠠᠴᠢᠭᠳᠠᠯ ᠤᠨ ᠡᠮᠦᠨ᠎ᠡ ᠥᠩᠭᠡ ᠪᠠᠨ ᠠᠯᠳᠠᠬᠤ ᠤᠴᠢᠷ ᠦᠭᠡᠢ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ