ᠮᠠᠨ ᠤ ᠬᠤᠳᠠ ︽ᠤᠷᠠᠳ ᠨᠡᠷᠡᠮᠵᠢᠲᠦ︾ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠶᠢᠨ ᠶᠠᠰᠤ ᠴᠢᠨᠠᠷ ᠢ ᠳᠡᠭᠡᠭᠰᠢᠯᠡᠭᠦᠯᠦᠨ ᠪᠠᠭᠲᠠᠭᠠᠮᠵᠢ ᠶᠢ | ᠥᠷᠭᠡᠳᠬᠡᠵᠦ ᠦᠷ᠎ᠡ ᠠᠰᠢᠭ ᠢ ᠨᠡᠮᠡᠭᠳᠡᠭᠦᠯᠬᠦ ᠶᠢ ᠲᠠᠰᠤᠷᠠᠯᠲᠠ ᠦᠭᠡᠢ ᠠᠬᠢᠭᠤᠯᠵᠤ᠂ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠳᠤ ᠲᠡᠷᠭᠡ ᠶᠠᠰᠤ ᠴᠢᠨᠠᠷ | ᠦᠷ᠎ᠡ ᠠᠰᠢᠭ ᠢ ᠨᠡᠮᠡᠭᠳᠡᠭᠦᠯᠦᠨ ᠳᠡᠭᠡᠭᠰᠢᠯᠡᠭᠦᠯᠬᠦ ᠪᠠᠷ ᠳᠠᠮᠵᠢᠭᠤᠯᠤᠨ᠂ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠳᠤ ᠲᠡᠷᠭᠡ ᠶᠢᠨ ᠣᠯᠠᠨ ᠤᠯᠤᠰ ᠤᠨ | ᠬᠠᠮᠲᠤᠷᠠᠯᠴᠠᠭᠠᠨ ᠤ ᠰᠦᠯᠵᠢᠶ᠎ᠡ ᠶᠢ ᠪᠠᠶᠢᠭᠤᠯᠵᠤ᠂ ︽ᠳᠥᠭᠦᠮ ᠳᠥᠲᠡ ᠲᠦᠷᠭᠡᠨ᠂ ᠠᠮᠤᠷ ᠲᠦᠪᠰᠢᠨ ᠥᠨᠳᠥᠷ ᠪᠦᠲᠦᠮᠵᠢᠲᠡᠶ᠂ ᠪᠣᠬᠢᠷᠲᠤᠯ ᠦᠭᠡᠢ ᠣᠷᠴᠢᠨ | ᠲᠣᠭᠤᠷᠢᠨ ᠢ ᠬᠠᠮᠠᠭᠠᠯᠠᠬᠤ︾ ᠤᠯᠠᠨ ᠤᠯᠤᠰ ᠤᠨ ᠲᠡᠭᠡᠭᠡᠪᠦᠷᠢ ᠶᠢᠨ ᠵᠠᠮ ᠢ ᠨᠡᠭᠡᠭᠡᠭᠰᠡᠨ ᠪᠠᠶᠢᠨ᠎ᠠ᠃ | ᠤᠷᠠᠳ ᠤᠨ ᠬᠤᠶᠢᠲᠤ ᠬᠤᠰᠢᠭᠤᠨ ᠤ ᠶᠢᠨ ᠬᠤᠣ ᠲᠧ ᠪᠠᠷᠠᠭᠠᠨ ᠤ ᠭᠦᠢᠯᠭᠡᠭᠡᠨ ᠤ ᠬᠦᠷᠢᠶᠡᠯᠡᠩ ᠲᠣᠭᠤᠷᠢᠭ ᠲᠤ᠂ ᠭᠦᠨᠳᠤ ᠶᠢ ᠡᠷᠭᠦᠭᠦ ᠮᠠᠰᠢᠨ ᠨᠠᠰᠢ ᠴᠠᠰᠢ | ᠰᠦᠯᠵᠢᠯᠳᠦᠵᠦ᠂ ᠪᠠᠷᠠᠭ᠎ᠠ ᠶᠢ ᠳᠦᠭᠦᠷᠲᠡᠯ᠎ᠡ ᠲᠡᠭᠡᠭᠡᠭᠰᠡᠨ ︽ᠤᠷᠠᠳ ᠨᠡᠷᠡᠮᠵᠢᠲᠦ︾ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠮᠣᠰᠺᠸᠠ ᠳᠤ | ᠬᠦᠷᠬᠦ ᠪᠠᠷ ᠪᠡᠯᠡᠳᠬᠡᠵᠦ ᠪᠠᠶᠢᠯ᠎ᠠ᠃ | ᠥᠪᠥᠷ ᠮᠣᠩᠭᠤᠯ ᠤᠨ ᠶᠢᠨ ᠬᠤᠣ ᠲᠧ ᠪᠠᠷᠠᠭᠠᠨ ᠤ ᠭᠦᠢᠯᠭᠡᠭᠡᠨ ᠤ ᠬᠢᠵᠠᠭᠠᠷᠲᠤ ᠺᠣᠮᠫᠠᠨᠢ ᠶᠢᠨ ᠳᠡᠳ᠋ ᠶᠡᠷᠦᠩᠬᠡᠢ ᠳᠠᠭᠠᠭᠠᠮᠠᠯ ᠸᠠᠩ ᠵᠢᠶᠠᠨ ᠵᠥᠩ | ᠰᠤᠷᠪᠤᠯᠵᠢᠯᠠᠭᠴᠢ ᠳᠤ ᠲᠣᠰ ᠤᠳᠠᠭ᠎ᠠ ᠶᠢᠨ ᠠᠴᠢᠶᠠᠯᠠᠭᠰᠠᠨ ᠪᠠᠷᠠᠭ᠎ᠠ ᠨᠢ ᠭᠤᠤᠯᠳᠠᠭᠤ ᠭᠡᠷ ᠤᠨ ᠴᠠᠬᠢᠯᠭᠠᠨ ᠬᠡᠷᠡᠭᠰᠡᠯ᠂ ᠨᠡᠶᠢᠲᠡ 55 ᠴᠢᠩᠭᠡᠯᠢᠭ᠂ ᠳᠤᠮᠳᠠᠳᠤ | ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠶᠢᠨ ᠪᠠᠭᠲᠠᠭᠠᠮᠵᠢ ᠶᠢᠨ ᠨᠡᠮᠡᠭᠳᠡᠯ ᠢ ᠳᠠᠭᠠᠯᠳᠤᠨ᠂ ᠨᠠᠩ ᠣᠯᠠᠨ ᠪᠠᠶᠠᠨᠨᠠᠭᠤᠷ ᠤᠨ ᠤᠶᠢᠯᠡᠳᠪᠤᠷᠢᠯᠡᠭᠰᠡᠨ᠂ ᠳᠤᠮᠳᠠᠳᠤ | ᠤᠯᠤᠰ ᠤᠨ ᠤᠶᠢᠯᠡᠳᠪᠤᠷᠢᠯᠡᠭᠰᠡᠨ ᠪᠠᠷᠠᠭ᠎ᠠ ᠲᠠᠸᠠᠷ ᠢ ᠪᠦᠬᠦ ᠳᠡᠯᠡᠬᠡᠢ ᠳᠤ ᠭᠦᠷᠭᠡᠨ᠎ᠡ ᠭᠡᠪᠡ᠃ | ᠮᠠᠨ ᠤ ᠬᠤᠲᠠ ᠤᠮᠠᠷᠠᠰᠢ ᠨᠡᠭᠡᠭᠡᠯᠲᠡ ᠬᠢᠬᠦ ᠴᠢᠬᠤᠯᠠ ᠪᠠᠬᠢᠯᠡᠯᠲᠡ ᠶᠢ ᠪᠠᠶᠢᠭᠤᠯᠬᠤ ᠪᠠᠷ ᠰᠢᠨ᠎ᠡ ᠬᠥᠭᠵᠢᠯᠲᠡ ᠶᠢᠨ ᠪᠠᠶᠢᠷᠢᠰᠢᠯ ᠳᠤ ᠦᠢᠯᠡᠴᠢᠯᠡᠬᠦ ᠪᠠ | ᠠᠭᠤᠰᠤᠯᠴᠠᠬᠤ ᠶᠢᠨ ᠴᠢᠬᠤᠯᠠ ᠲᠦᠰᠢᠭ ᠪᠤᠯᠭᠠᠨ᠂ ᠵᠡᠭᠦᠨ ᠣᠷᠣᠨ ᠢ ᠵᠠᠯᠭᠠᠮᠵᠢᠯᠠᠵᠤ ᠪᠠᠷᠠᠭᠤᠨ ᠣᠷᠣᠨ ᠢ ᠰᠡᠩᠬᠡᠷᠡᠭᠦᠯᠬᠦ᠂ ᠡᠮᠦᠨᠡᠲᠦ ᠶᠢ ᠬᠤᠯᠪᠣᠭᠠᠯᠠᠵᠤ | ᠤᠮᠠᠷᠠᠲᠤ ᠶᠢ ᠨᠡᠭᠡᠭᠡᠬᠦ ᠭᠠᠳᠠᠭᠠᠳᠤ ᠨᠡᠭᠡᠭᠡᠯᠲᠡ ᠶᠢᠨ ᠰᠢᠨ᠎ᠡ ᠪᠠᠶᠢᠷᠢᠰᠢᠯ ᠢ ᠲᠦᠷᠭᠡᠳᠬᠡᠨ ᠪᠠᠶᠢᠭᠤᠯᠵᠤ᠂ ᠣᠷᠣᠨ ᠪᠠᠶᠢᠷᠢ ᠶᠢᠨ ᠳᠠᠪᠠᠭᠤᠯᠢᠭ ᠢ ᠠᠵᠤ ᠦᠢᠯᠡᠰ ᠤᠨ | ᠲᠠᠪᠠᠭᠤᠯᠢᠭ ᠪᠠ ᠠᠵᠤ ᠠᠬᠤᠢ ᠶᠢᠨ ᠳᠠᠪᠠᠭᠤᠯᠢᠭ ᠪᠣᠯᠭᠠᠨ ᠬᠤᠪᠢᠷᠠᠭᠤᠯᠵᠤ᠂ ᠨᠢᠭᠡᠨᠲᠡ ᠣᠷᠣᠰ᠂ ᠪᠧᠯᠤᠷᠦᠶᠢᠰ᠂ ᠺᠠᠽᠠᠬᠰᠲ᠋ᠠᠨ ᠵᠡᠷᠭᠡ 30 ᠭᠠᠷᠤᠢ ᠤᠯᠤᠰ ᠪᠠ | ᠭᠠᠵᠠᠷ ᠣᠷᠣᠨ ᠳᠤ ᠨᠡᠪᠲᠡᠷᠡᠭᠰᠡᠨ ᠪᠠᠶᠢᠨ᠎ᠠ᠃ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠦᠨ ᠠᠭᠢᠭᠤᠯᠬᠤ ᠶᠢ ᠲᠠᠭᠠᠯᠳᠤᠨ᠂ ᠳᠤᠮᠳᠠᠳᠤ | ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠴᠦ ᠥᠨᠳᠥᠷ ᠲᠦᠪᠰᠢᠨ ᠲᠠᠢ ᠭᠠᠳᠠᠭᠠᠳᠤ ᠨᠡᠭᠡᠭᠡᠯᠲᠡ ᠶᠢᠨ ᠰᠢᠨ᠎ᠡ ᠬᠤᠷᠳᠤᠴᠠ ᠶᠢ ᠲᠠᠰᠤᠷᠠᠯᠲᠠ ᠦᠭᠡᠢ ᠠᠬᠢᠭᠤᠯᠵᠤ᠂ | ᠨᠡᠩ ᠤᠯᠠᠨ ᠪᠠᠶᠠᠨᠨᠠᠭᠤᠷ ᠤᠨ ᠨᠤᠲᠤᠭ ᠤᠨ ᠪᠦᠲᠦᠭᠡᠭᠳᠡᠬᠦᠨ ᠨᠢ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠶᠢ ᠠᠰᠢᠭᠯᠠᠨ ᠭᠠᠳᠠᠭᠠᠳᠤ ᠳᠤ ᠭᠠᠷᠬᠤ | ᠪᠤᠯᠤᠭᠰᠠᠨ ᠪᠠᠶᠢᠨ᠎ᠠ᠃ ᠣᠳᠣᠬᠠᠨ ᠪᠣᠯᠲᠠᠯ᠎ᠠ᠂ ︽ᠤᠷᠠᠳ ᠨᠡᠷᠡᠮᠵᠢᠲᠦ︾ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠨᠡᠶᠢᠳᠡ 44 ᠤᠳᠠᠭ᠎ᠠ | ᠨᠡᠭᠡᠭᠡᠵᠦ᠂ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠭᠰᠠᠨ ᠪᠠᠷᠠᠭ᠎ᠠ ᠨᠡᠶᠢᠲᠡ 5.73 ᠲᠦᠮᠡᠨ ᠲᠣᠨ ᠭᠦᠷᠴᠤ᠂ ᠭᠠᠳᠠᠭᠠᠳᠤ ᠠᠴᠠ ᠣᠷᠣᠭᠤᠯᠵᠤ | ᠭᠠᠳᠠᠭᠠᠳᠤ ᠳᠤ ᠭᠠᠷᠭᠠᠭᠰᠠᠨ ᠠᠷᠠᠯᠵᠢᠶᠠᠨ ᠤ ᠦᠷᠳᠡᠭ 5.86 ᠳ᠋ᠦᠩᠰᠢᠭᠤᠷ ᠲᠥᠭᠦᠷᠢᠭ ᠪᠡᠶᠡᠯᠡᠭᠦᠯᠪᠡ᠃ | ᠥᠪᠥᠷ ᠮᠣᠩᠭᠤᠯ ᠤᠨ ᠶᠢᠨ ᠬᠤᠣ ᠲᠧ ᠪᠠᠷᠠᠭᠠᠨ ᠤ ᠭᠦᠢᠯᠭᠡᠭᠡᠨ ᠤ ᠬᠢᠵᠠᠭᠠᠷᠲᠤ ᠺᠣᠮᠫᠠᠨᠢ ᠶᠢᠨ ᠳᠡᠳ᠋ ᠶᠡᠷᠦᠩᠬᠡᠢ ᠳᠠᠭᠠᠭᠠᠮᠠᠯ ᠸᠠᠩ ᠵᠢᠶᠠᠨ ᠵᠥᠩ | ᠰᠤᠷᠪᠤᠯᠵᠢᠯᠠᠭᠴᠢ ᠳᠤ ᠣᠲᠣ ᠶᠠᠭ ᠶᠢᠨ ᠬᠤᠣ ᠲᠧ ᠪᠠᠷᠠᠭᠠᠨ ᠤ ᠭᠦᠢᠯᠭᠡᠭᠡᠨ ᠤ ᠬᠦᠷᠢᠶᠡᠯᠡᠩ ᠲᠣᠭᠤᠷᠢᠭ ᠤᠨ ︽ᠭᠤᠷᠪᠠᠨ ᠱᠤᠭᠤᠮ ᠳᠦᠷᠪᠡᠨ ᠥᠷᠲᠡᠭᠡᠨ ᠤ | ᠲᠠᠪᠴᠠᠩ︾ ᠢ ᠥᠷᠭᠡᠳᠬᠡᠨ ᠪᠠᠶᠢᠭᠤᠯᠬᠤ ᠢᠨᠵᠧᠨᠧᠷᠢᠩ ᠶᠢ ᠲᠦᠯᠬᠢᠨ ᠠᠬᠢᠭᠤᠯᠵᠤ ᠪᠠᠶᠢᠨ᠎ᠠ᠃ ᠲᠠᠷᠠᠭᠠᠴᠢ ᠪᠠᠷ 1050 ᠮᠧᠲᠷ ᠤᠨ ᠤᠷᠳᠤ ᠭᠤᠷᠪᠠᠨ ᠱᠤᠭᠤᠮ ᠢ | ᠵᠡᠷᠭᠡ ᠪᠠᠷ ᠨᠡᠭᠡᠭᠡᠵᠤ᠂ ᠵᠢᠯ ᠤᠨ ᠣᠷᠣᠭᠤᠯᠵᠤ ᠭᠠᠷᠭᠠᠬᠤ ᠪᠠᠷᠠᠭᠠᠨ ᠤ ᠬᠡᠮᠵᠢᠶ᠎ᠡ ᠨᠢ 600 ᠲᠦᠮᠡᠨ ᠲᠣᠨ ᠳᠤ ᠭᠦᠷᠭᠦ ᠪᠣᠯᠣᠨ᠎ᠠ ᠭᠡᠪᠡ᠃ | ᠣᠶᠢᠷ᠎ᠠ ᠶᠢᠨ ᠵᠢᠯ ᠤᠳ ᠲᠤ᠂ ᠮᠠᠨ ᠤ ᠬᠤᠲᠠ ᠰᠢᠨ᠎ᠡ ᠬᠥᠭᠵᠢᠯᠲᠡ ᠶᠢᠨ ᠣᠶᠢᠯᠠᠭᠠᠭᠳᠠᠬᠤᠨ ᠢ ᠭᠦᠨᠵᠡᠭᠡᠢ ᠲᠤᠭᠤᠰᠢᠯᠠᠭᠤᠯᠵᠤ᠂ ᠰᠢᠨ᠎ᠡ ᠬᠥᠭᠵᠢᠯᠲᠡ ᠶᠢᠨ | ᠠᠷᠭ᠎ᠠ ᠵᠠᠮ ᠢ ᠬᠠᠶᠢᠨ ᠰᠦᠪᠡᠭᠴᠢᠯᠡᠵᠦ᠂ ᠰᠢᠨ᠎ᠡ ᠠᠽᠢᠶ᠎ᠠ ᠡᠸᠦ᠋ᠷᠦᠫᠡ ᠡᠬᠡ ᠬᠠᠭᠤᠷᠠᠢ ᠶᠢᠨ ᠬᠥᠭᠦᠷᠭᠡ ᠶᠢᠨ ᠠᠵᠤ ᠠᠬᠤᠢ ᠶᠢᠨ ᠪᠦᠰᠡ ᠶᠢᠨ ᠭᠤᠣᠯ | ᠵᠠᠩᠭᠢᠯᠠᠭ᠎ᠠ ᠶᠢᠨ ᠴᠢᠭ ᠢ ᠴᠣᠭᠴᠠᠯᠠᠨ ᠪᠠᠶᠢᠭᠤᠯᠵᠤ᠂ ︽ᠵᠢᠰᠢᠶᠠᠨ ᠤ ᠭᠠᠯᠲᠤ ᠲᠡᠷᠭᠡ +︾ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ ᠰᠢᠨ᠎ᠡ ᠵᠠᠭᠪᠤᠷ ᠢ ᠡᠭᠦᠳᠴᠦ | ᠂ ᠠᠵᠤ ᠦᠢᠯᠡᠰ ᠤᠨ ᠬᠡᠯᠬᠢᠶ᠎ᠡ᠂ ᠬᠠᠩᠭᠠᠯᠭ᠎ᠠ ᠶᠢᠨ ᠬᠡᠯᠬᠢᠶ᠎ᠡ ᠶᠢᠨ ᠭᠤᠣᠯᠯᠠᠬᠤ ᠥᠷᠢᠰᠦᠯᠳᠦᠭᠡᠨ ᠢ ᠲᠠᠰᠤᠷᠠᠯᠲᠠ ᠦᠭᠡᠢ ᠲᠡᠭᠡᠭᠰᠢᠯᠡᠭᠦᠯᠦᠨ᠂ ︽ᠤᠷᠠᠳ ᠨᠡᠷᠡᠮᠵᠢᠲᠦ | ︾ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠨᠢ ᠨᠢᠭᠡᠨᠲᠡ ᠮᠠᠨ ᠤ ᠬᠤᠲᠠ ᠶᠢᠨ ᠭᠠᠳᠠᠭᠠᠳᠤ ᠨᠡᠭᠡᠭᠡᠯᠲᠡ ᠶᠢᠨ ︽ᠬᠤᠷᠳᠤᠳᠬᠠᠭᠤᠷ︾ ᠪᠤᠯᠤᠭᠰᠠᠨ | ᠪᠠᠶᠢᠨ᠎ᠠ᠃ | |