︽ᠲᠡᠭᠷᠢ ᠶᠢᠨ ᠬᠡᠰᠢᠭᠲᠦ ᠪᠣᠷᠣᠲᠣᠬᠤᠶ︾ ᠱᠠᠨᠳᠦ᠋ᠩ ᠤᠨ ᠵᠠᠬ᠎ᠠ ᠳᠡᠯᠭᠡᠭᠦᠷ ᠲᠤ ᠣᠷᠣᠪᠠ
ᠨᠡᠶᠢᠲᠡᠯᠡᠭᠰᠡᠨ ᠴᠠᠭ᠄
2024/7/29
      ᠣᠶᠢᠷ᠎ᠠ ᠳᠤ᠂ ᠪᠠᠶᠠᠨ ᠪᠣᠬᠢᠷᠲᠤᠯ ᠦᠭᠡᠢ ᠠᠵᠤ ᠦᠢᠯᠡᠰ  ᠤᠨ ᠪᠦᠯᠦᠭᠯᠡᠯ ︽ᠪᠣᠬᠢᠷᠲᠤᠯ ᠥᠬᠡᠶ ᠪᠦᠲᠦᠭᠡᠭᠳᠡᠬᠦᠨ ᠨᠤᠲᠤᠭ ᠠᠴᠠ ᠪᠠᠨ ᠭᠠᠷᠬᠤ︾ ᠠᠵᠢᠯ ᠢ ᠨᠠᠷᠢᠨ ᠬᠢᠨᠠᠮᠠᠭᠠᠶ ᠨᠠᠶᠢᠳᠠᠪᠤᠷᠢᠵᠢᠭᠤᠯᠵᠤ᠂ ᠱᠠᠨᠳᠦ᠋ᠩ ᠤᠨ ᠵᠠᠬ᠎ᠠ ᠳᠡᠯᠭᠡᠭᠦᠷ ᠢ ᠢᠳᠡᠪᠬᠢᠲᠡᠶ ᠥᠷᠭᠡᠳᠬᠡᠨ᠂ ᠭᠤᠯᠢᠷ᠂ ᠦᠬᠡᠷ ᠬᠤᠨᠢᠨ ᠮᠢᠬ᠎ᠠ᠂ ᠴᠠᠭᠠᠨ ᠢᠳᠡᠭᠡ᠂ ᠨᠡᠷᠡᠨ ᠬᠤᠸᠠᠷ ᠵᠡᠷᠭᠡ ᠪᠠᠶᠠᠨᠨᠠᠭᠤᠷ ᠤᠨ ᠴᠢᠨᠠᠷ ᠰᠠᠶᠢᠲᠠᠶ ᠲᠠᠷᠢᠶᠠᠯᠠᠩ ᠤᠨ ᠪᠦᠲᠦᠭᠡᠭᠳᠡᠬᠦᠨ ᠢ ᠭᠤᠤᠯᠳᠠᠯᠭ᠎ᠠ ᠲᠠᠢ ᠳᠡᠯᠭᠡᠷᠡᠭᠦᠯᠪᠡ᠃      ᠪᠦᠯᠦᠭᠯᠡᠯ ᠨᠢ ᠱᠠᠨᠳᠦ᠋ᠩ ᠤᠨ  ᠭᠤᠣ ᠰᠦ᠋  ᠪᠦᠯᠦᠭᠯᠡᠯ ᠲᠠᠢ ᠬᠠᠮᠲᠤᠷᠠᠯᠴᠠᠵᠤ᠂ ︽ᠬᠠᠩᠭᠠᠯᠭ᠎ᠠ ᠶᠢᠨ ᠬᠡᠯᠬᠢᠶ᠎ᠡ ᠶᠢᠨ ᠪᠦᠲᠦᠭᠡᠭᠳᠡᠬᠦᠨ ᠰᠣᠩᠭᠤᠬᠤ ᠲᠥᠪ ︵ᠬᠤᠲᠠ ᠶᠢᠨ ᠳᠣᠭᠢᠷᠠᠭᠤᠯᠤᠨ ᠬᠦᠷᠭᠡᠬᠦ ᠲᠥᠪ︶᠎ ᠤᠨ ᠦᠵᠦᠭᠦᠷ︾᠎ ᠤᠨ ᠵᠠᠭᠪᠤᠷ ᠢ ᠠᠪᠴᠤ᠂ ᠯᠢᠨ ᠢ ᠳᠤ ᠬᠡᠪ ᠤᠨ ᠳᠤᠯᠠᠭᠠᠨ ᠥᠨᠳᠥᠷ ᠪᠠᠷᠢᠮᠵᠢᠶᠠᠲᠤ ᠬᠥᠮᠥᠷᠭᠡ᠂  ᠬᠦᠢᠲᠡᠨ ᠬᠡᠯᠬᠢᠶᠡᠲᠦ ᠬᠥᠮᠥᠷᠭᠡ ᠭᠠᠷᠭᠠᠵᠤ᠂ ᠯᠢᠨ ᠢ ᠶᠢᠨ ᠪᠠᠷᠠᠭᠠᠨ ᠤ ᠭᠦᠢᠯᠭᠡᠭᠡᠨ ᠤ ᠬᠥᠮᠥᠷᠭᠡᠯᠡᠨ ᠬᠠᠳᠠᠭᠠᠯᠠᠬᠤ ᠳᠠᠪᠠᠭᠤᠯᠢᠭ ᠲᠤ  ᠭᠦᠢᠴᠡᠳ ᠲᠦᠰᠢᠭᠯᠡᠨ᠂ ᠨᠢᠭᠡ ᠵᠦᠢᠯ ᠣᠷᠣᠯᠠᠨ ᠲᠠᠷᠬᠠᠭᠠᠬᠤ᠂ ᠭᠤᠤᠯ ᠱᠤᠭᠤᠮ ᠤᠨ ᠪᠠᠷᠠᠭᠠᠨ ᠤ  ᠭᠦᠢᠯᠭᠡᠭᠡᠨ ᠤ ᠶᠡᠷᠦᠩᠬᠡᠶᠢᠯᠡᠭᠰᠡᠨ ᠳᠣᠭᠢᠷᠠᠭᠤᠯᠤᠨ ᠬᠦᠷᠭᠡᠬᠦ  ᠦᠢᠯᠡᠴᠢᠯᠡᠭᠡ ᠬᠠᠩᠭᠠᠵᠤ᠂ ᠮᠤᠵᠢ ᠶᠢᠨ ᠳᠣᠲᠣᠭᠠᠳᠤ ᠳᠤ ᠲᠣᠰ ᠡᠳᠦᠷ ᠲᠤ ᠪᠠᠨ ᠬᠦᠷᠴᠦ᠂ ᠮᠤᠵᠢ ᠶᠢᠨ ᠭᠠᠳᠠᠨ᠎ᠠ ᠳᠠᠷᠠᠭ᠎ᠠ ᠡᠳᠦᠷ ᠲᠤ ᠪᠠᠨ ᠬᠦᠷᠬᠦ ᠶᠢ ᠪᠡᠶᠡᠯᠡᠭᠦᠯᠪᠡ᠃      ᠣᠲᠣ ᠪᠣᠯᠲᠠᠯ᠎ᠠ᠂ ᠱᠠᠨᠳᠦ᠋ᠩ ᠭᠠᠵᠠᠷ ᠣᠷᠣᠨ ᠳᠤ ᠨᠢᠭᠡᠨᠲᠡ 3 ᠰᠤᠩᠭᠤᠯᠲᠠ ᠶᠢᠨ ᠲᠥᠪ᠂ 2 ᠬᠤᠲᠠ ᠶᠢᠨ ᠳᠣᠭᠢᠷᠠᠭᠤᠯᠤᠨ ᠬᠦᠷᠭᠡᠬᠦ ᠲᠥᠪ᠂ 7 ᠦᠵᠦᠭᠦᠷ ᠤᠨ ᠬᠤᠯᠪᠣᠭᠠᠯᠠᠭᠰᠠᠨ ᠳᠡᠯᠭᠡᠭᠦᠷ᠂ 5 ᠬᠤᠳᠠᠯᠳᠤᠭᠠᠨ ᠤ ᠬᠡᠲᠦ ᠳᠡᠯᠭᠡᠭᠦᠷ ᠵᠢᠴᠢ ᠣᠨᠴᠠᠭᠠᠶ ᠨᠡᠪᠲᠡᠷᠡᠬᠦ ᠵᠠᠮ ᠱᠤᠭᠤᠮ ᠢ ᠪᠠᠶᠢᠭᠤᠯᠪᠠ᠃ ᠳᠠᠷᠠᠭᠠᠴᠢ ᠶᠢᠨ ᠠᠯᠬᠤᠮ ᠳᠤ᠂ ᠪᠦᠯᠦᠭᠯᠡᠯ ᠤᠨ ᠬᠢᠨ ᠦᠷᠭᠦᠯᠵᠢᠯᠡᠨ ᠰᠢᠨ᠎ᠡ ᠵᠠᠬ᠎ᠠ ᠳᠡᠯᠭᠡᠭᠦᠷ ᠢ ᠨᠡᠭᠡᠭᠡᠵᠦ᠂ ᠪᠣᠷᠣᠯᠠᠭᠤᠯᠭ᠎ᠠ ᠶᠢᠨ ᠠᠷᠭ᠎ᠠ ᠵᠠᠮ ᠢᠶᠠᠨ ᠥᠷᠭᠡᠳᠬᠡᠨ᠎ᠡ᠃ 
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ