ᠪᠠᠢ ᠯᠢ ᠼᠦᠢ ᠠᠮᠲᠠᠲᠤ ᠬᠡᠮᠬᠡ
ᠨᠡᠶᠢᠲᠡᠯᠡᠭᠰᠡᠨ ᠴᠠᠭ᠄
2024/7/29
      ᠪᠠᠢ ᠯᠢ ᠼᠦᠢ ᠠᠮᠲᠠᠲᠤ ᠬᠡᠮᠬᠡ ᠨᠢ ᠤᠷᠠᠳ ᠤᠨ ᠡᠮᠦᠨᠡᠲᠦ ᠬᠤᠰᠢᠭᠤᠨ ᠤ ᠾᠧᠢ  ᠯᠢᠦ ᠽᠢ ᠲᠣᠰᠬᠤᠨ ᠠᠴᠠ ᠢᠷᠡᠵᠦ᠂  ᠾᠧᠢ ᠯᠢᠦ ᠽᠢ ᠲᠣᠰᠬᠤᠨ ᠤ ᠬᠥᠷᠥᠰᠥ ᠰᠢᠷᠣᠢ ᠥᠩ ᠰᠢᠮᠡᠯᠢᠭ᠂ ᠠᠮᠲᠠᠲᠤ ᠬᠡᠮᠬᠡ ᠲᠠᠷᠢᠬᠤ ᠬᠠᠮᠤᠭ ᠤᠨ ᠰᠠᠶᠢᠨ ᠬᠥᠷᠥᠰᠥ ᠰᠢᠷᠣᠢ ᠪᠣᠯᠤᠨ᠎ᠠ︔ ᠴᠢᠨᠠᠷ ᠰᠠᠶᠢᠲᠠᠢ ᠤᠰᠤᠨ ᠤ ᠡᠬᠢ ᠰᠤᠷᠪᠤᠯᠵᠢ ᠨᠢ ᠨᠢᠭᠡ ᠰᠠᠭᠤᠷᠢ ᠬᠡᠮᠬᠡ ᠶᠢᠨ ᠴᠢᠬᠢ ᠶᠢ ᠨᠣᠷᠠᠭᠠᠵᠤ᠂ ᠪᠣᠯᠪᠠᠰᠤᠷᠠᠭᠰᠠᠨ ᠤ ᠳᠠᠷᠠᠭᠠᠬᠢ ᠵᠢᠮᠢᠰ ᠨᠢ ᠴᠠᠭᠠᠨ ᠰᠣᠷᠭᠤᠭ ᠪᠥᠭᠡᠳ ᠠᠮᠲᠠ ᠨᠢ ᠰᠡᠶᠢᠷᠡᠭ᠂ ᠬᠡᠯᠪᠡᠷᠢ ᠳᠦᠷᠰᠦ ᠨᠢ ᠠᠯᠢᠮ᠎ᠠ ᠶᠢᠨ ᠬᠡᠪᠡᠷᠡᠭ ᠪᠠᠶᠢᠳᠠᠭ ᠠᠴᠠ ᠪᠣᠯᠵᠤ ︽  ᠪᠠᠢ ᠯᠢ ᠼᠦᠢ︾ ᠭᠡᠵᠦ ᠨᠡᠷᠡᠯᠡᠳᠡᠭ᠃ ᠲᠡᠨᠳᠡᠬᠢ ᠲᠠᠷᠢᠶᠠᠴᠢᠨ ᠠᠪᠠᠭ᠎ᠠ ︽ᠠᠯᠲᠠᠨ ᠦᠨᠳᠡᠭᠡ︾ ᠭᠡᠵᠦ ᠳᠣᠲᠣᠨᠣᠰᠤᠭ ᠢᠶᠠᠷ ᠳᠠᠭᠤᠳᠠᠳᠠᠭ᠃      ︽ᠾᠧᠢ ᠯᠢᠦ ᠽᠢ ᠪᠠᠢ ᠯᠢ ᠼᠦᠢ ᠠᠮᠲᠠᠲᠤ ᠬᠡᠮᠬᠡ︾ ᠪᠣᠯ ᠤᠯᠤᠰ ᠤᠨ ᠲᠠᠰ ᠤᠨ ᠭᠠᠵᠠᠷ ᠵᠦᠶ ᠶᠢᠨ ᠪᠡᠯᠭᠡ ᠲᠡᠮᠳᠡᠭᠲᠦ ᠪᠦᠲᠦᠭᠡᠭᠳᠡᠬᠦᠨ ᠪᠣᠯᠤᠨ᠎ᠠ᠂  ᠬᠠᠯᠢᠰᠤ ᠨᠢ ᠨᠢᠮᠭᠡᠨ ᠬᠡᠦᠷᠡᠭ᠂ ᠳᠣᠲᠣᠷᠠᠬᠢ ᠵᠢᠮᠢᠰ ᠤᠨ ᠮᠢᠬ᠎ᠠ ᠨᠢ ᠵᠥᠭᠡᠯᠡᠨ  ᠂ ᠠᠭᠠᠵᠢᠮ ᠢᠶᠠᠷ ᠠᠮᠠᠨ ᠳᠤ ᠠᠭᠤᠰᠴᠤ᠂  ᠵᠠᠵᠢᠯᠬᠤ ᠳᠤ ᠰᠢᠬᠢᠷᠯᠢᠭ ᠰᠢᠭᠦᠰᠦ  ᠨᠢ ᠠᠮᠠᠨ ᠬᠦᠨᠳᠡᠢ ᠳᠤ ᠳᠦᠭᠦᠷᠴᠦ᠂ ᠰᠡᠳᠬᠢᠯ ᠵᠢᠷᠦᠬᠡᠨ ᠳᠤ ᠬᠦᠷᠲᠡᠯ᠎ᠡ ᠠᠮᠲᠠᠲᠠᠶ᠃ 
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ