ᠠᠽᠢᠶ᠎ᠠ ᠲᠢᠪ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠲᠠᠮᠢᠷᠴᠢᠳ ᠢ ᠤᠭᠲᠤᠬᠤ ᠴᠠᠶᠢᠯᠠᠯᠭ᠎ᠠ ᠶᠠᠪᠤᠭᠳᠠᠪᠠ ᠰᠦᠨ ᠵᠢᠶᠦ᠋ᠨ ᠴᠢᠩ ᠣᠷᠣᠯᠴᠠᠪᠠ
ᠨᠡᠶᠢᠲᠡᠯᠡᠭᠰᠡᠨ ᠴᠠᠭ᠄
2025/2/27
      2 ᠳ᠋ᠤᠭᠠᠷ ᠰᠠᠷ᠎ᠠ ᠶᠢᠨ 15 ᠤ ᠡᠳᠦᠷ᠂ ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ ᠠᠽᠢᠶ᠎ᠠ ᠲᠢᠪ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠲᠠᠮᠢᠷᠴᠢᠳ ᠢ ᠤᠭᠲᠤᠬᠤ ᠴᠠᠶᠢᠯᠠᠯᠭ᠎ᠠ ᠶᠠᠪᠤᠭᠳᠠᠭᠤᠯᠪᠠ᠃      ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ ᠰᠦᠨ ᠵᠢᠶᠦ᠋ᠨ ᠴᠢᠩ ᠣᠷᠣᠯᠴᠠᠪᠠ᠃      ᠠᠵᠢᠯᠯᠠᠭ᠎ᠠ ᠨᠢ ᠬᠠᠷᠪᠢᠨ ᠳᠤ ᠪᠣᠯᠣᠭᠰᠠᠨ ᠶᠢᠰᠦᠳᠦᠭᠡᠷ ᠬᠤᠭᠤᠴᠠᠭᠠᠨ ᠤ ᠠᠽᠢᠶ᠎ᠠ ᠲᠢᠪ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠳᠤ ᠣᠷᠣᠯᠴᠠᠬᠰᠠᠨ ᠮᠠᠨ ᠤ ᠣᠷᠣᠨ ᠤ ᠲᠠᠮᠢᠷᠴᠢᠳ᠂ ᠳᠠᠰᠬᠠᠯᠵᠢᠭᠤᠯᠤᠭᠴᠢᠳ ᠤᠨ ᠢᠯᠠᠯᠲᠠ ᠲᠠᠢ ᠪᠠᠷ ᠪᠤᠴᠠᠵᠤ ᠢᠷᠡᠭᠰᠡᠨ ᠢ ᠬᠠᠯᠠᠭᠤᠨ ᠢᠶᠠᠷ ᠤᠭᠲᠤᠬᠤ ᠶᠢ ᠵᠣᠷᠢᠭᠰᠠᠨ ᠪᠥᠭᠡᠳ ᠲᠠᠮᠢᠷᠴᠢᠳ ᠲᠤ ᠱᠠᠩᠨᠠᠯ ᠬᠥᠬᠢᠭᠦᠯᠦᠯ ᠣᠯᠭᠤᠪᠠ᠃ ᠴᠠᠶᠢᠯᠠᠯᠭ᠎ᠠ ᠳᠡᠭᠡᠷ᠎ᠡ᠂ ᠬᠠᠨ ᠮᠧᠢ᠂ ᠪᠦᠦ ᠯᠢᠨ᠂ ᠭᠦ᠋ ᠼᠠᠩ ᠵᠡᠷᠭᠡ ᠲᠠᠮᠢᠷᠴᠢᠳ ᠤᠨ ᠲᠥᠯᠥᠭᠡᠯᠡᠭᠴᠢ ᠵᠢᠴᠢ ᠳᠠᠰᠬᠠᠯᠵᠢᠭᠤᠯᠤᠭᠴᠢᠳ ᠤᠨ ᠲᠥᠯᠥᠭᠡᠯᠡᠭᠴᠢ ᠨᠠᠷ ᠤᠷᠤᠯᠳᠤᠭᠠᠨ ᠳᠤ ᠣᠷᠣᠯᠴᠠᠬᠰᠠᠨ ᠥᠩᠭᠡᠷᠡᠯᠲᠡ ᠪᠠᠨ ᠬᠤᠪᠢᠶᠠᠯᠴᠠᠵᠤ᠂ ︽ᠤᠯᠠᠭᠠᠨ ᠲᠤᠭ ᠨᠠᠮᠢᠷᠠᠨ᠎ᠠ︾ ᠭᠡᠬᠦ ᠵᠡᠷᠭᠡ ᠳᠠᠭᠤᠤ ᠨᠤᠭᠤᠳ ᠢ ᠬᠠᠮᠲᠤ ᠪᠠᠷ ᠳᠠᠭᠤᠯᠠᠨ᠂ ᠠᠭᠤᠷ ᠠᠮᠢᠰᠬᠤᠯ ᠭᠦᠷ ᠬᠥᠭᠵᠢᠶᠡᠨ ᠢᠶᠠᠷ ᠪᠢᠯᠬᠠᠮ᠎ᠠ ᠪᠠᠶᠢᠯ᠎ᠠ᠃      ᠲᠠᠮᠢᠷᠴᠢᠳ᠂ ᠳᠤᠮᠳᠠᠳᠤ ᠶᠢᠨ ᠪᠡᠶ᠎ᠡ ᠶᠢᠨ ᠲᠠᠮᠢᠷ ᠤᠨ ᠵᠣᠷᠢᠭ ᠰᠠᠨᠠᠭ᠎ᠠ ᠪᠣᠯᠣᠨ ᠮᠣᠩᠭᠤᠯ ᠮᠣᠷᠢᠨ ᠤ ᠵᠣᠷᠢᠭ ᠰᠠᠨᠠᠭ᠎ᠠ ᠶᠢ ᠦᠷᠭᠦᠯᠵᠢᠯᠡᠨ ᠪᠠᠳᠠᠷᠠᠭᠤᠯᠵᠤ᠂ ᠰᠢᠷᠭᠠᠭᠤ ᠴᠢᠷᠮᠠᠶᠢᠨ᠂ ᠲᠦᠷᠦᠭᠦᠯᠡᠬᠦ ᠪᠠᠷ ᠡᠷᠡᠯᠬᠡᠭᠯᠡᠨ ᠲᠡᠮᠡᠴᠡᠵᠦ᠂ ᠪᠡᠶ᠎ᠡ ᠶᠢᠨ ᠲᠠᠮᠢᠷ ᠤᠨ ᠬᠦᠴᠦᠷᠬᠡᠭ ᠣᠷᠣᠨ ᠢ ᠪᠦᠲᠦᠭᠡᠨ ᠪᠠᠶᠢᠭᠤᠯᠬᠤ ᠳᠤ ᠳᠠᠭᠢᠨ ᠰᠢᠨ᠎ᠡ ᠭᠠᠪᠢᠶ᠎ᠠ ᠪᠠᠶᠢᠭᠤᠯᠤᠨ᠂ ᠠᠭᠤᠤ ᠶᠡᠭᠡ ᠡᠬᠡ ᠤᠯᠤᠰ ᠲᠤ ᠪᠠᠨ ᠳᠠᠭᠢᠨ ᠭᠡᠷᠡᠯ ᠭᠢᠯᠪᠠᠭ᠎ᠠ ᠨᠡᠮᠡᠷᠢᠯᠡᠨ᠎ᠡ ᠭᠡᠵᠦ ᠢᠯᠡᠳᠬᠡᠵᠡᠭᠡᠪᠡ᠃ 
ᠢᠷᠡᠯᠲᠡ᠄ ᠥᠪᠥᠷ ᠮᠣᠩᠭᠤᠯ  ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ